ᠮᠤᠡᠭᠭᠤᠯ ᠰᠢᠳᠠᠷ᠎ᠠ

ᠨᠡᠶᠢᠲᠡᠯᠡᠭᠰᠡᠨ ᠴᠠᠭ : 

2018-01-16 16:11:00

 ᠮᠤᠡᠭᠭᠤᠯ ᠰᠢᠳᠠᠷ᠎ᠠ ᠪᠤᠯ ᠮᠤᠡᠭᠭᠤᠯᠴᠤᠳ ᠤᠨ ᠲᠡᠤᠬᠡᠨ ᠤᠯᠠᠮᠵᠢᠯᠠᠯᠲᠦ ᠨᠠᠭᠠᠳᠤᠮ ᠪᠤᠯᠤᠨ᠎ᠠ᠃ ᠮᠤᠡᠭᠭᠤᠯ ᠰᠢᠳᠠᠷ᠎ᠠ ᠳ᠋ᠦ ᠮᠤᠷᠢ᠂ ᠲᠡᠮᠡᠭᠡ ᠵᠡᠷᠭᠡ ᠤᠨᠤᠭ᠎ᠠ ᠬᠦᠯᠦᠰᠢ ᠪᠠᠶᠢᠨ᠎ᠠ︔ ᠠᠶᠠᠨ ᠵᠠᠮ ᠤᠨ ᠲᠡᠭᠡᠭᠡᠪᠦᠷᠢ ᠶᠢᠨ ᠪᠠᠭᠠᠵᠢ ᠲᠡᠷᠭᠡ ᠪᠠᠶᠢᠨ᠎ᠠ︔ ᠪᠠᠷᠰ ᠠᠷᠰᠯᠠᠨ ᠵᠡᠷᠭᠡ ᠬᠦᠴᠦᠲᠦ ᠠᠮᠢᠳᠠᠳ ᠪᠤᠢ︔ ᠨᠤᠶᠠᠨ ᠬᠠᠳᠤᠨ᠂ ᠬᠦᠦ ᠵᠡᠷᠭᠡ ᠭᠡᠷ ᠪᠦᠯᠢ ᠶᠢᠨ ᠬᠤᠯᠪᠤᠭ᠎ᠠ ᠪᠠᠶᠢᠨ᠎ᠠ᠃ ᠬᠦᠯᠭᠡ ᠨᠢ ᠮᠤᠡᠭᠭᠤᠯᠴᠤᠳ ᠤᠨ ᠨᠠᠭᠠᠳᠳᠠᠬ ᠪᠤᠭᠤ ᠶᠢᠨ ᠵᠢᠷᠭᠢᠭᠡ ᠲᠠᠢ ᠤᠶᠢᠷᠠᠯᠴᠠᠭ᠎ᠠ ᠶᠤᠮ᠃ ᠡᠳᠡᠭᠡᠷ ᠡᠴᠡ ᠦᠵᠡᠪᠡᠯ ᠮᠤᠡᠭᠭᠤᠯ ᠰᠢᠳᠠᠷ᠎ᠠ ᠨᠢ ᠮᠤᠡᠭᠭᠤᠯᠴᠤᠳ ᠤᠨ ᠨᠡᠭᠦᠳᠡᠯ ᠠᠮᠢᠳᠤᠷᠠᠯ ᠲᠠᠢ ᠬᠠᠷᠢᠴᠠᠭ᠎ᠠ ᠲᠠᠢ ᠨᠢ ᠢᠯᠡᠬᠡᠨ ᠪᠠᠶᠢᠳᠠᠬ᠃

 ᠮᠤᠡᠭᠭᠤᠯ ᠰᠢᠳᠠᠷ᠎ᠠ ᠶᠢᠨ ᠨᠠᠭᠠᠳᠬᠤ ᠤᠨᠴᠠᠯᠢᠬ ᠡᠴᠡ ᠨᠢ ᠠᠪᠴᠦ ᠦᠵᠡᠪᠡᠯ ᠲᠠᠶᠢᠨ ᠪᠠᠶᠢᠯᠳᠤᠭᠠᠨ ᠤ ᠡᠰᠡᠷᠭᠦᠴᠡᠯᠳᠦᠭᠰᠡᠨ ᠠᠬᠤᠢ ᠰᠢᠨᠵᠢ ᠢᠯᠡᠳᠳᠡ ᠤᠷᠤᠰᠢᠵᠦ᠂ ᠴᠡᠷᠢᠭ ᠮᠤᠷᠢ ᠠᠳᠠᠯᠢ ᠲᠡᠭᠰᠢ ᠪᠠᠶᠢᠬᠤ ᠰᠠᠭᠤᠷᠢᠨ ᠡᠴᠡ ᠡᠬᠢᠯᠡᠨ ᠤᠶᠤᠨ ᠰᠠᠨᠠᠭ᠎ᠠ᠂ ᠠᠷᠭ᠎ᠠ ᠪᠤᠳᠤᠯᠭ᠎ᠠ ᠢᠢᠨ ᠦᠵᠡᠯᠴᠡᠭᠡᠨ ᠡᠭᠦᠰᠳᠡᠭ ᠪᠠᠶᠢᠨ᠎ᠠ᠃ ᠡᠶᠢᠮᠦ ᠡᠴᠡ ᠮᠤᠡᠭᠭᠤᠯ ᠰᠢᠳᠠᠷ᠎ᠠ ᠶᠢ ᠲᠠᠡᠭ ᠭᠠᠬᠴᠠ ᠨᠠᠭᠠᠳᠤᠮ ᠲᠤᠬᠯᠠᠭᠠᠮ ᠤᠨ ᠵᠦᠢᠯ ᠭᠡᠵᠦ ᠦᠵᠡᠬᠦ ᠶᠢᠨ ᠠᠷᠭ᠎ᠠ ᠦᠭᠡᠢ᠂ ᠰᠢᠭᠤᠳ ᠲᠦ ᠪᠡᠨ ᠲᠡᠮᠡᠴᠡᠯ ᠤᠨ ᠠᠷᠭ᠎ᠠ ᠪᠤᠳᠤᠯᠭ᠎ᠠ ᠲᠤᠭᠤᠰᠢᠯᠠᠬᠳᠠᠵᠦ ᠪᠠᠶᠢᠳᠠᠬ ᠡᠴᠡ ᠮᠤᠡᠭᠭᠤᠯᠴᠤᠳ ᠲᠡᠭᠦᠨ ᠢ ᠤᠢ ᠪᠢᠯᠢᠭ ᠢ ᠰᠤᠷᠢᠬᠤ᠂ ᠤᠬᠠᠭᠠᠨ ᠪᠤᠳᠤᠯᠭ᠎ᠠ ᠶᠢ ᠰᠢᠯᠭᠠᠬᠤ ᠴᠢᠬᠤᠯᠠ ᠬᠡᠯᠪᠡᠷᠢ ᠪᠤᠯᠭᠠᠳᠠᠬ ᠪᠦᠭᠡᠳ ᠨᠡᠶᠢᠭᠡᠮ ᠤᠨ ᠤᠬᠠᠭᠠᠨ ᠢ ᠰᠢᠳᠠᠷ᠎ᠡ ᠡᠴᠡ ᠰᠤᠷᠬᠤ ᠵᠢᠭᠠᠬᠤ ᠪᠠᠭᠠᠵᠢ ᠭᠡᠵᠦ ᠦᠵᠡᠳᠡᠭ᠃

蒙古象棋.jpg

 ᠮᠤᠡᠭᠭᠤᠯ ᠰᠢᠳᠠᠷ᠎ᠠ ᠪᠤᠯᠤᠨ ᠲᠡᠯᠡᠬᠡᠢ ᠶᠢᠨ ᠰᠢᠳᠠᠷ᠎ᠠ ᠶᠢᠨ ᠬᠦᠯᠭᠡ ᠨᠢ ᠪᠦᠷ ᠲᠦᠷᠪᠡᠯᠵᠢᠨ ᠬᠡᠯᠪᠡᠷᠢ ᠲᠠᠢ᠂ ᠬᠠᠷ᠎ᠠ ᠴᠠᠭᠠᠨ ᠦᠡᠭᠭᠡ ᠪᠡᠷ ᠵᠢᠷᠤᠬᠳᠠᠬᠰᠠᠨ ᠪᠠᠶᠢᠳᠠᠬ᠃ ᠰᠢᠳᠠᠷ᠎ᠠ ᠶᠢᠨ ᠪᠤᠳᠠ ᠬᠦᠦ ᠨᠤᠭᠦᠳ ᠨᠢ ᠨᠡᠶᠢᠳᠡ 32 ᠪᠠᠶᠢᠨ᠎ᠠ᠂ ᠴᠠᠭᠠᠨ ᠬᠠᠷ᠎ᠠ ᠦᠡᠭᠭᠡ ᠪᠦᠷᠢ ᠳ᠋ᠦ ᠨᠢᠭᠡ ᠨᠤᠶᠠᠨ᠂ ᠬᠤᠶᠠᠷ ᠬᠠᠰᠠᠬ᠂ ᠬᠤᠶᠠᠷ ᠮᠤᠷᠢ᠂ ᠬᠤᠶᠠᠷ ᠲᠡᠮᠡᠭᠡ᠂ ᠨᠢᠭᠡ ᠪᠠᠷᠰ᠂ ᠨᠠᠢᠮᠠᠨ ᠬᠦᠦ ᠲᠠᠢ᠂ ᠨᠡᠶᠢᠳᠡ 64 ᠰᠠᠭᠤᠳᠠᠯ ᠲᠠᠢ᠃

 ᠮᠤᠡᠭᠭᠤᠯ ᠰᠢᠳᠠᠷ᠎ᠠ ᠳ᠋ᠦ ᠨᠡᠭᠦᠳᠡᠯ ᠮᠠᠯᠵᠢᠯ ᠤᠨ ᠰᠤᠶᠤᠯ ᠤᠨ ᠤᠨᠴᠠᠯᠢᠬ ᠰᠢᠨᠵᠢ ᠪᠦᠷᠢᠨ ᠬᠠᠳᠠᠭᠠᠯᠠᠬᠳᠠᠵᠦ ᠪᠠᠶᠢᠳᠠᠬ᠃ ᠵᠢᠱᠢᠶᠡᠯᠡᠪᠡᠯ ᠨᠤᠶᠠᠨ ᠨᠢ ᠬᠤᠶᠠᠬ ᠲᠤᠭᠤᠯᠠᠭ᠎ᠠ ᠲᠠᠢ ᠮᠤᠷᠢᠳᠦ ᠵᠠᠡᠭᠵᠤᠨ ᠪᠠᠶᠢᠳᠠᠬ᠃ ᠬᠢᠳᠠᠳ ᠰᠢᠳᠠᠷ᠎ᠠ ᠶᠢᠨ ᠨᠤᠶᠠᠨ ᠨᠢ ᠤᠷᠳᠤᠨ ᠡᠴᠡ ᠪᠡᠨ ᠭᠠᠷᠴᠦ ᠴᠢᠳᠠᠬᠤ ᠦᠭᠡᠢ ᠪᠠᠶᠢᠬᠤ ᠳ᠋ᠦ ᠮᠤᠡᠭᠭᠤᠯ ᠨᠤᠶᠠᠨ ᠨᠢ ᠬᠠᠮᠢᠭ᠎ᠠ ᠴᠦ ᠪᠦᠷ ᠶᠠᠪᠤᠵᠦ ᠪᠤᠯᠳᠠᠬ᠃ ᠬᠢᠳᠠᠳ ᠰᠢᠳᠠᠷ᠎ᠠ ᠶᠢᠨ ᠮᠤᠷᠢ ᠨᠢ ᠴᠢᠳᠦᠷᠯᠡᠭᠳᠡᠳᠡᠭ ᠪᠠᠶᠢᠬᠤ ᠳ᠋ᠦ ᠮᠤᠡᠭᠭᠤᠯ ᠰᠢᠳᠠᠷ᠎ᠠ ᠶᠢᠨ ᠮᠤᠷᠢ ᠨᠢ ᠴᠢᠳᠦᠷ ᠲᠦ ᠬᠢᠵᠠᠭᠠᠷᠯᠠᠬᠳᠠᠳᠠᠬ ᠦᠭᠡᠢ᠃ ᠲᠡᠮᠡᠭᠡ ᠨᠢ ᠬᠢᠳᠠᠳ ᠰᠢᠳᠠᠷ᠎ᠠ ᠶᠢᠨ ᠵᠠᠭᠠᠨ ᠲᠠᠢ ᠠᠳᠠᠯᠢ ᠪᠠᠶᠢᠳᠠᠬ ᠴᠦ ᠬᠢᠳᠠᠳ ᠰᠢᠳᠠᠷ᠎ᠠ ᠶᠢᠨ ᠵᠠᠭᠠᠨ ᠠᠳᠠᠯᠢ ᠬᠢᠵᠠᠭᠠᠷ ᠲᠦ ᠪᠡᠨ ᠬᠢᠵᠠᠭᠠᠷᠯᠠᠬᠳᠠᠳᠠᠬ ᠦᠭᠡᠢ᠂ ᠬᠦᠦ ᠨᠢ ᠬᠢᠳᠠᠳ ᠰᠢᠳᠠᠷ᠎ᠠ ᠶᠢᠨ ᠬᠦᠦ ᠠᠳᠠᠯᠢ ᠤᠷᠤᠬᠰᠢᠯᠠᠬᠤ ᠵᠠᠮ ᠦᠭᠡᠢ ᠮᠤᠬᠤᠷᠳᠠᠳᠠᠬ ᠪᠢᠰᠢ ᠶᠤᠮ᠃ ᠬᠠᠷᠢᠨ ᠵᠢᠱᠢᠭᠦᠦ ᠱᠤᠭᠤᠮ ᠢᠶᠡᠷ ᠨᠢᠳᠦ ᠲᠠᠢ ᠬᠠᠡᠭᠭᠠᠢ ᠪᠤᠶᠤ ᠪᠠᠷᠰ ᠪᠤᠯᠭᠠᠨ ᠬᠤᠪᠢᠷᠠᠭᠤᠯᠳᠠᠬ᠃

 ᠮᠤᠡᠭᠭᠤᠯ ᠰᠢᠳᠠᠷ᠎ᠠ ᠶᠢᠨ ᠤᠯᠠᠷᠢᠨ ᠬᠤᠪᠢᠰᠬᠤ ᠨᠢ ᠲᠤᠡᠭ ᠤᠷᠠᠨ ᠨᠠᠷᠢᠨ ᠪᠦᠭᠡᠳ ᠪᠤᠳᠤᠯᠢᠶᠠᠨᠳᠠᠢ ᠪᠠᠶᠢᠳᠠᠬ᠃ ᠤᠷᠤᠬᠰᠢᠯᠠᠬᠤ᠂ ᠤᠬᠤᠷᠢᠬᠤ᠂ ᠳᠤᠪᠲᠤᠯᠬᠤ᠂ ᠬᠤᠷᠢᠬᠯᠠᠬᠤ᠂ ᠭᠡᠳᠡᠷᠬᠦ ᠲᠠᠭᠠᠷᠢᠬᠤ᠂ ᠭᠡᠨᠡᠳᠲᠡ ᠴᠦᠮᠦᠷᠢᠨ ᠤᠷᠤᠬᠤ᠂ ᠬᠠᠯᠬᠠᠯᠠᠬᠤ᠂ ᠵᠠᠶᠢᠯᠠᠭᠤᠯᠬᠤ᠂ ᠬᠠᠭᠤᠷᠤᠨ ᠮᠡᠬᠡᠯᠡᠵᠦ ᠪᠤᠴᠠᠨ ᠪᠤᠷᠤᠭᠤᠯᠠᠬᠤ᠂ ᠪᠡᠬᠢᠯᠡᠵᠦ ᠰᠠᠬᠢᠬᠤ᠂ ᠬᠠᠷᠰᠢ ᠰᠠᠭᠠᠳ ᠲᠠᠯᠪᠢᠬᠤ᠂ ᠪᠤᠭᠤᠬᠳᠠᠭᠤᠯᠬᠤ᠂ ᠪᠤᠳᠠ ᠬᠠᠶᠠᠵᠦ ᠦᠳᠦᠭᠡᠬᠦ᠂ ᠵᠡᠭᠦᠨᠰᠢ ᠲᠠᠯᠠᠶᠢᠵᠦ ᠪᠠᠷᠠᠭᠤᠨᠰᠢ ᠲᠠᠭᠠᠷᠢᠬᠤ᠂ ᠪᠡᠯᠡᠳᠭᠡᠯ ᠦᠭᠡᠢ ᠳ᠋ᠦ ᠨᠢ ᠲᠠᠭᠠᠷᠢᠨ ᠰᠠᠨᠠᠮᠰᠠᠷ ᠦᠭᠡᠢ ᠶᠢ ᠵᠠᠪᠰᠢᠬᠤ᠂ ᠲᠠᠪᠠᠭᠤ ᠬᠦᠴᠦᠨ ᠢ ᠲᠠᠶᠢᠴᠢᠯᠠᠨ ᠪᠠᠭᠤᠷᠢ ᠶᠢ ᠴᠤᠬᠢᠬᠤ᠂ ᠤᠷᠤᠨ ᠰᠤᠯᠠᠯᠠᠵᠦ ᠵᠠᠮ ᠨᠡᠭᠡᠭᠡᠬᠦ ᠵᠡᠷᠭᠡ ᠤᠯᠠᠨ ᠠᠷᠪᠢᠨ ᠠᠷᠭ᠎ᠠ ᠪᠤᠳᠤᠯᠭ᠎ᠠ ᠬᠡᠷᠡᠭᠯᠡᠵᠦ ᠨᠦᠭᠦᠭᠡ ᠡᠳᠡᠭᠡᠳ ᠤᠨ ᠢᠶᠡᠨ ᠪᠤᠳᠠ ᠬᠦᠦ ᠶᠢ ᠤᠰᠠᠳᠬᠠᠨ᠂ ᠪᠡᠬᠢᠯᠡᠯᠲᠡ ᠶᠢ ᠡᠪᠳᠡᠵᠦ᠂ ᠪᠤᠭᠤᠮᠳᠠ ᠶᠢ ᠡᠵᠡᠯᠡᠨ ᠢᠯᠠᠯᠲᠠ ᠤᠯᠬᠤ ᠳ᠋ᠦ ᠬᠦᠷᠳᠡᠭ᠃

 ᠮᠤᠡᠭᠭᠤᠯ ᠰᠢᠳᠠᠷ᠎ᠠ ᠶᠢᠨ ᠱᠦᠭᠦᠯᠴᠡᠭᠡᠨ ᠢ ᠮᠠᠳ᠂ ᠲᠡᠤᠬᠡᠢ ᠭᠡᠵᠦ ᠬᠤᠶᠠᠷ ᠢᠯᠭᠠᠳᠠᠬ᠃ ᠮᠠᠳ ᠪᠤᠯ ᠰᠢᠭᠤᠳ ᠱᠠᠬᠯᠠᠵᠦ ᠠᠯᠠᠬᠤ ᠶᠢ ᠬᠡᠯᠡᠳᠡᠭ᠃ ᠲᠡᠤᠬᠡᠢ ᠪᠤᠢ ᠤᠷᠠᠨ ᠦᠷᠦᠯᠭᠡ ᠪᠠ ᠪᠤᠳᠤᠯᠢᠶᠠᠨᠲᠠᠢ ᠶᠠᠪᠤᠴᠠ ᠪᠡᠷ ᠲᠠᠮᠵᠢᠨ ᠱᠠᠬᠯᠠᠵᠦ ᠮᠠᠳᠯᠠᠬᠤ ᠶᠢ ᠬᠡᠯᠡᠳᠡᠭ ᠤᠴᠢᠷ ᠡᠴᠡ ᠮᠤᠡᠭᠭᠤᠯᠴᠤᠳ ᠵᠠᠡᠭᠰᠢᠯ ᠢᠶᠡᠷ ᠢᠶᠡᠨ ᠲᠡᠤᠬᠡᠢ ᠪᠡᠷ ᠱᠦᠭᠦᠯᠴᠡᠭᠡᠨ ᠤ ᠪᠠᠷᠢᠮᠵᠢᠶ᠎ᠠ ᠪᠤᠯᠭᠠᠳᠠᠬ᠃ ᠲᠡᠭᠡᠬᠦ ᠳ᠋ᠦ ᠲᠡᠤᠬᠡᠢ ᠶᠢ ᠴᠦᠮ ᠬᠦᠦ ᠶᠢᠨ ᠴᠦᠳ ᠢᠶᠡᠷ ᠲᠤᠭᠠᠯᠠᠬᠤ ᠲᠤᠯᠠ᠂ ᠪᠠᠷᠰᠠ ᠶᠢᠨ ᠲᠡᠤᠬᠡᠢ᠂ ᠬᠠᠡᠭᠭᠠᠢ ᠶᠢᠨ ᠲᠡᠤᠬᠡᠢ᠂ ᠲᠡᠮᠡᠭᠡᠨ ᠤ ᠲᠡᠤᠬᠡᠢ᠂ ᠮᠤᠷᠢᠨ ᠤ ᠲᠡᠤᠬᠡᠢ᠂ ᠨᠡᠶᠢᠯᠡᠮᠡᠯ ᠲᠡᠤᠬᠡᠢ ᠬᠢᠭᠡᠳ ᠱᠤᠬ ᠱᠦᠭᠦᠯᠴᠡᠭᠡᠨ ᠭᠡᠵᠦ ᠲᠦᠷᠦᠯ ᠢᠯᠭᠠᠵᠦ᠂ ᠲᠦᠷᠦᠯ ᠪᠦᠷᠢ ᠳ᠋ᠦ ᠨᠢ ᠪᠠᠰᠠ ᠤᠯᠠᠨ ᠵᠦᠢᠯ ᠤᠨ ᠲᠡᠤᠬᠡᠢ ᠪᠡᠷ ᠲᠡᠮᠳᠡᠭᠯᠡᠳᠡᠭ᠃ ᠮᠤᠡᠭᠭᠤᠯ ᠰᠢᠳᠠᠷ᠎ᠠ ᠶᠢᠨ ᠱᠦᠭᠦᠯᠴᠡᠭᠡᠨ ᠳᠤᠮᠳᠠ ᠮᠠᠰᠢ ᠤᠯᠠᠨ ᠨᠡᠶᠢᠭᠡᠮ ᠤᠨ ᠤᠴᠢᠷ ᠶᠤᠰᠤ ᠲᠠᠢ ᠨᠡᠶᠢᠴᠡᠭᠰᠡᠨ ᠬᠦᠮᠦᠨᠴᠢ ᠶᠤᠰᠤ ᠶᠢ ᠬᠠᠳᠠᠭᠠᠯᠠᠵᠦ ᠪᠠᠶᠢᠳᠠᠬ᠃ ᠵᠢᠱᠢᠶᠡᠯᠡᠪᠡᠯ ᠲᠡᠯᠡᠬᠡᠢ ᠶᠢᠨ ᠰᠢᠳᠠᠷ᠎ᠠ ᠳ᠋ᠦ ᠮᠤᠷᠢ ᠪᠤᠶᠤ ᠲᠡᠮᠡᠭᠡ ᠲᠤᠬᠢᠶᠠᠯ ᠲᠠᠢ ᠪᠤᠯ ᠰᠢᠭᠤᠳ ᠨᠤᠶᠠᠨ ᠢ ᠱᠠᠯᠠᠵᠦ ᠲᠡᠭᠦᠰᠭᠡᠨ᠎ᠡ᠃ ᠮᠤᠡᠭᠭᠤᠯ ᠰᠢᠳᠠᠷ᠎ᠠ ᠶᠢᠨ ᠮᠤᠷᠢ ᠲᠡᠮᠡᠭᠡ ᠵᠦᠪᠬᠡᠨ ᠱᠠᠯᠠᠵᠦ ᠦᠡᠭᠭᠡᠷᠡᠭᠦᠯᠬᠦ ᠡᠴᠡ ᠪᠢᠰᠢ ᠰᠢᠭᠤᠳ ᠱᠠᠯᠠᠵᠦ ᠦᠬᠦᠭᠦᠯᠵᠦ ᠪᠤᠯᠬᠤ ᠦᠭᠡᠢ᠃ ᠡᠨᠡ ᠨᠢ ᠠᠮᠢᠳᠠᠨ ᠬᠦᠮᠦᠨ ᠢ ᠠᠯᠠᠵᠦ ᠪᠤᠯᠬᠤ ᠦᠭᠡᠢ ᠭᠡᠰᠡᠨ ᠵᠠᠡᠭ ᠦᠢᠯᠡ ᠶᠢᠨ ᠶᠤᠰᠤ ᠲᠠᠢ ᠨᠡᠶᠢᠴᠡᠵᠦ ᠪᠠᠶᠢᠬᠤ ᠶᠤᠮ᠂ ᠲᠡᠯᠡᠬᠡᠢ ᠶᠢᠨ ᠰᠢᠳᠠᠷ᠎ᠠ ᠳᠦ ᠵᠠᠪᠰᠢᠶᠠᠨ ᠲᠠᠢ ᠪᠤᠯ ᠪᠤᠳᠠ ᠪᠠ ᠬᠦᠦ ᠶᠢ ᠪᠦᠷ ᠢᠳᠡᠬᠦ ᠶᠢ ᠬᠢᠵᠠᠭᠠᠷᠯᠠᠬᠤ ᠦᠭᠡᠢ᠂ ᠮᠤᠡᠭᠭᠤᠯ ᠰᠢᠳᠠᠷ᠎ᠠ ᠳ᠋ᠦ ᠵᠠᠪᠠᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤᠲᠠᠢ᠃ ᠨᠢᠭᠡ ᠪᠤᠳᠠ ᠦᠯᠡᠳᠡᠭᠡᠬᠦ ᠨᠢ ᠬᠦᠮᠦᠨ ᠤ ᠠᠮᠢᠳᠤᠷᠠᠯ ᠢ ᠬᠤᠭᠤᠰᠤᠷᠠᠲᠠᠯ᠎ᠠ ᠦᠭᠡᠢ ᠪᠤᠯᠭᠠᠬᠤ ᠴᠢᠨᠠᠷ ᠦᠭᠡᠢ ᠦᠢᠯᠡ ᠶᠢ ᠴᠡᠭᠡᠷᠯᠡᠭᠰᠡᠨ ᠮᠤᠡᠭᠭᠤᠯ ᠵᠠᠡᠭᠰᠢᠯ ᠡᠴᠡ ᠢᠷᠡᠯᠲᠡᠢ᠃ ᠵᠠᠪᠠᠯ ᠨᠢᠭᠡ ᠬᠦᠦ ᠦᠯᠡᠳᠡᠭᠡᠬᠦ ᠨᠢ ᠬᠦᠮᠦᠨ ᠢ ᠦᠷ᠎ᠡ ᠠᠴᠢᠨᠠᠷ ᠦᠭᠡᠢ ᠪᠤᠯᠳᠠᠯ᠎ᠠ ᠦᠨᠳᠦᠰᠦ ᠶᠢ ᠨᠢ ᠲᠠᠰᠤᠯᠬᠤ ᠶᠢ ᠤᠨᠴᠠ ᠴᠡᠭᠡᠷᠯᠡᠳᠡᠭ ᠶᠤᠰᠤ ᠵᠠᠡᠭ ᠡᠴᠡ ᠢᠷᠡᠭᠰᠡᠨ ᠲᠦᠷᠢᠮ ᠪᠤᠯᠤᠨ᠎ᠠ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ