ᠮᠤᠷᠢᠨ ᠪᠦᠮᠪᠦᠭᠡ

ᠨᠡᠶᠢᠲᠡᠯᠡᠭᠰᠡᠨ ᠴᠠᠭ : 

2017-07-07 09:38:00

ᠠᠯᠢ ᠡᠷᠳᠡ ᠮᠤᠡᠭᠭᠤᠯ ᠬᠠᠭᠠᠨᠳᠦ ᠤᠯᠤᠰ ᠪᠠᠶᠢᠭᠤᠯᠤᠬᠳᠠᠬᠤ ᠡᠴᠡ ᠡᠮᠦᠨ᠎ᠡ ᠮᠤᠷᠢᠨ ᠪᠦᠮᠪᠦᠭᠡ ᠶᠢᠨ ᠨᠠᠭᠠᠳᠤᠮ ᠨᠢᠭᠡᠨᠳᠡ ᠮᠤᠡᠭᠭᠤᠯᠴᠤᠳ ᠤᠨ ᠳᠤᠷ᠎ᠠ ᠪᠠᠬᠠᠲᠠᠢ ᠲᠠᠮᠢᠷ ᠤᠨ ᠬᠦᠳᠡᠯᠭᠡᠭᠡᠨ ᠪᠤᠯᠵᠦ ᠪᠠᠶᠢᠵᠠᠢ᠃ ᠡᠨᠡ ᠲᠤᠬᠠᠢ ᠮᠡᠳᠡᠭᠡ ᠵᠤᠤ ᠾᠦᠡᠭ ᠤᠨ ︽ᠮᠤᠡᠭᠭᠤᠯ ᠲᠠᠲ᠋ᠠᠷ ᠤᠨ ᠪᠦᠷᠢᠨ ᠲᠡᠮᠳᠡᠭᠯᠡᠯ︾ᠭᠡᠰᠡᠨ ᠨᠤᠮ ᠳ᠋ᠦ ᠲᠤᠳᠤᠷᠬᠠᠢ ᠲᠡᠮᠳᠡᠭᠯᠡᠵᠦ ᠪᠤᠢ᠃

ᠮᠤᠷᠢᠨ ᠪᠦᠮᠪᠦᠭᠡ ᠨᠠᠭᠠᠳᠬᠤ ᠲᠠᠯᠠᠪᠠᠢ ᠪᠠ ᠡᠬᠢᠯᠡᠯᠳᠡ ᠶᠢᠨ ᠪᠡᠯᠡᠳᠭᠡᠯ᠄

ᠦᠷᠭᠡᠨ ᠢᠶᠡᠷ ᠢᠶᠡᠨ ᠨᠢᠭᠡ ᠵᠠᠭᠤ ᠲᠠᠪᠢᠨ ᠠᠯᠳᠠ᠂ ᠤᠷᠳᠦ ᠪᠡᠷ ᠢᠶᠡᠨ ᠭᠤᠷᠪᠠᠨ ᠵᠠᠭᠤᠨ ᠠᠯᠳᠠ ᠶᠢᠨ ᠬᠡᠮᠵᠢᠶ᠎ᠡ ᠲᠠᠢ ᠤᠷᠲᠦ ᠲᠦᠷᠪᠡᠯᠵᠢᠨ ᠲᠠᠯᠠᠪᠠᠢ ᠵᠢᠷᠤᠨ᠎ᠠ᠃ ᠦᠷᠭᠡᠨ ᠲᠠᠯ᠎ᠠ ᠶᠢᠨ ᠲᠤᠮᠳᠠᠴᠢ ᠴᠡᠭ ᠲᠡᠭᠡᠷ᠎ᠡ ᠲᠤᠰᠪᠤᠷᠢ ᠮᠤᠡᠭᠭᠤᠯ ᠭᠡᠷ ᠤᠨ ᠪᠠᠭᠤᠴᠠ ᠶᠢᠨ ᠴᠢᠨᠡᠬᠡᠨ ᠲᠤᠭᠤᠢ ᠵᠢᠷᠤᠵᠦ᠂ ᠲᠡᠭᠦᠨ ᠤ ᠳᠤᠲᠤᠷ᠎ᠠ ᠨᠢᠭᠡ ᠨᠠᠭᠠᠳᠤᠬᠴᠢ ︵ᠮᠠᠨᠠᠭᠠᠴᠢ︶ ᠪᠠᠨ ᠵᠤᠬᠰᠤᠭᠠᠨ᠎ᠠ᠃ ᠪᠤᠰᠤᠳ ᠨᠠᠭᠠᠳᠤᠬᠴᠢᠳ ᠨᠢ ᠲᠤᠰ ᠲᠤᠰ ᠤᠨ ᠮᠤᠷᠢ ᠪᠠᠨ ᠤᠨᠤᠵᠦ ᠬᠤᠶᠠᠷ ᠭᠠᠯ ︵ᠳᠤᠭᠤᠶᠢᠯᠠᠡᠭ︶ ᠬᠤᠪᠢᠶᠠᠬᠳᠠᠨ ᠨᠠᠭᠠᠳᠬᠤ ᠪᠡᠷ ᠪᠡᠯᠡᠳᠭᠡᠨ᠎ᠡ᠃ ᠬᠡᠷᠡᠭᠯᠡᠬᠦ ᠪᠦᠮᠪᠦᠭᠡ ᠨᠢ ᠦᠪᠡᠰᠦᠪᠡᠨ ᠬᠢᠭᠰᠡᠨ ᠰᠢᠷᠢᠨ ᠪᠦᠮᠪᠦᠭᠡ ᠪᠠᠶᠢᠭ᠎ᠠ ᠶᠤᠮ᠃ ᠡᠨᠡ ᠨᠠᠭᠠᠳᠤᠮ ᠢ ᠬᠤᠶᠠᠷ ᠶᠠᠡᠭᠵᠦ ᠪᠡᠷ ᠨᠠᠭᠠᠳᠤᠨ᠎ᠠ᠃

︵ᠠ‍︶ᠮᠤᠷᠢ ᠤᠨᠤᠬᠰᠠᠨ ᠳᠦᠷᠪᠡ ᠪᠤᠶᠤ ᠵᠢᠷᠭᠤᠭᠠᠨ ᠬᠦᠮᠦᠨ ᠲᠡᠡᠭᠴᠡᠭᠦᠦ ᠲᠤᠭ᠎ᠠ ᠪᠡᠷ ᠬᠤᠪᠢᠶᠠᠬᠳᠠᠵᠦ᠂ ᠬᠤᠶᠠᠷ ᠭᠠᠯ ᠪᠤᠯᠤᠭᠠᠳ ᠲᠠᠯᠠᠪᠠᠢ ᠶᠢᠨ ᠲᠦᠪ ᠭᠤᠤᠯ ᠳ᠋ᠦ ᠪᠠᠶᠢᠬᠤ ᠳ᠋ᠤᠨᠢ ᠰᠢᠳᠠᠵᠦ ᠦᠭᠭᠦᠭᠰᠡᠨ ᠪᠦᠮᠪᠦᠭᠡ ᠶᠢ ᠠᠪᠤᠬᠰᠠᠨ ᠲᠠᠯ᠎ᠠ ᠨᠢ ᠦᠪᠡᠷ ᠬᠤᠭᠤᠷᠤᠨᠳᠦ ᠪᠠᠨ ᠪᠦᠮᠪᠦᠭᠡ ᠪᠡᠨ ᠲᠠᠮᠵᠢᠭᠤᠯᠤᠨ ᠦᠪᠡᠷ ᠤᠨ ᠭᠠᠯ ᠤᠨ ᠳᠡᠮᠲᠡᠭᠲᠦ︵ᠳᠤᠭᠤᠢ ᠵᠢᠷᠤᠬᠰᠠᠨ︶ᠭᠠᠵᠠᠷ ᠲᠠᠭᠠᠨ ᠠᠪᠠᠴᠢᠵᠦ ᠲᠠᠯᠪᠢᠬᠤ ᠶᠢ ᠵᠤᠷᠢᠵᠦ ᠨᠠᠭᠠᠳᠤᠨ ᠠ᠃

ᠬᠠᠷᠢᠨ ᠡᠰᠡᠷᠬᠦ ᠲᠠᠯ᠎ᠠ ᠨᠢ ᠨᠠᠭᠠᠳᠤᠬᠴᠢᠳ ᠨᠢ ᠰᠢᠳᠡᠨ ᠲᠠᠮᠵᠢᠭᠤᠯᠵᠦ ᠪᠠᠶᠢᠭ᠎ᠠ ᠪᠦᠮᠪᠦᠭᠡ ᠶᠢ ᠨᠢ ᠬᠤᠭᠤᠷᠤᠨᠳᠦ ᠡᠴᠡ ᠨᠢ ᠪᠤᠯᠢᠶᠠᠨ ᠠᠪᠤᠭᠠᠳ ᠦᠪᠡᠷ ᠵᠠᠭᠤᠷ᠎ᠠ ᠪᠠᠨ ᠠᠯᠳᠠᠯ ᠦᠭᠡᠢ ᠪᠡᠷ ᠲᠠᠮᠵᠢᠭᠤᠯᠤᠨ ᠳᠤᠪᠲᠤᠯᠵᠦ ᠦᠪᠡᠷ ᠤᠨ ᠭᠠᠯ ᠤᠨ ᠲᠡᠮᠳᠡᠭᠲᠦ ᠭᠠᠵᠠᠷ ᠲᠦ ᠬᠦᠷᠭᠡᠬᠦ ᠪᠡᠷ ᠵᠤᠷᠢᠨ᠎ᠠ᠃

 ᠪᠦᠮᠪᠦᠭᠡ ᠰᠢᠳᠡᠬᠦ ᠳ᠋ᠦ ᠮᠤᠷᠢ ᠪᠡᠷ ᠢᠶᠡᠨ ᠠᠮᠢᠳᠠᠨ ᠲᠠᠪᠬᠢᠵᠦ ᠲᠤᠰᠴᠦ ᠠᠪᠬᠤ ᠪᠤᠶᠤ ᠡᠰᠡᠷᠬᠦ ᠲᠠᠯ᠎ᠠ ᠶᠢᠨ ᠬᠢ ᠡᠴᠡ ᠪᠦᠮᠪᠦᠭᠡ ᠶᠢ ᠨᠢ ᠪᠤᠯᠢᠶᠠᠨ ᠠᠪᠬᠤ ᠪᠡᠷ ᠳᠠᠪᠬᠢᠨ ᠤᠷᠤᠯᠳᠤᠨ᠎ᠠ᠃ ᠭᠡᠪᠡᠴᠦ ᠪᠦᠮᠪᠦᠭᠡ ᠪᠡᠨ ᠪᠠᠷᠢᠭᠠᠳ ᠲᠠᠪᠬᠢᠵᠦ ᠪᠤᠯᠬᠤ ᠦᠭᠡᠢ᠃ ᠪᠦᠮᠪᠦᠭᠡ ᠪᠡᠨ ᠪᠠᠷᠢᠮᠠᠬᠴᠠ ᠲᠠᠮᠵᠢᠭᠤᠯᠤᠨ ᠰᠢᠳᠡᠬᠦ ᠬᠡᠷᠡᠭᠲᠡᠢ᠃ ᠬᠡᠷᠪᠡ ᠪᠦᠮᠪᠦᠭᠡ ᠪᠡᠨ ᠭᠠᠵᠠᠷ ᠤᠨᠠᠭᠠᠴᠢᠬᠠᠪᠠᠯ ᠮᠤᠷᠢᠨ ᠲᠡᠭᠡᠷ᠎ᠡ ᠡᠴᠡ ᠪᠡᠨ ᠬᠡᠯᠪᠡᠷᠢᠨ ᠰᠢᠭᠦᠷᠡᠬᠦ ᠪᠤᠶᠤ ᠮᠤᠷᠢᠨ ᠡᠴᠡ ᠪᠡᠨ ᠦᠰᠦᠷᠦᠨ ᠪᠠᠭᠤᠵᠦ ᠪᠦᠮᠪᠦᠭᠡ ᠪᠡᠨ ᠠᠪᠤᠭᠠᠳ ᠲᠠᠬᠢᠨ ᠮᠤᠷᠢᠨ ᠲᠡᠭᠡᠷ᠎ᠡ ᠪᠡᠨ ᠲᠦᠷᠭᠡᠨ ᠮᠤᠷᠳᠠᠵᠦ ᠰᠢᠳᠡᠨ ᠲᠠᠮᠵᠢᠭᠤᠯᠬᠤ ᠮᠡᠳᠦᠴᠢᠯᠡᠨ ᠨᠠᠭᠠᠳᠤᠨ᠎ᠠ᠃

ᠮᠠᠨᠨᠠᠬᠴᠢ ᠶᠢᠨ ᠡᠭᠦᠷᠭᠡ ᠪᠤᠯ ᠦᠪᠡᠷ ᠤᠨ ᠭᠠᠯ ᠤᠨ ᠬᠢᠨᠢ ᠮᠤᠷᠢᠨ ᠲᠡᠭᠡᠷ᠎ᠡ ᠡᠴᠡ ᠰᠢᠳᠡᠵᠦ ᠦᠭᠭᠦᠭᠰᠡᠨ ᠪᠦᠮᠪᠦᠭᠡ ᠶᠢ ᠪᠠᠷᠢᠵᠦ ᠠᠪᠤᠨ᠎ᠠ᠃ ᠭᠡᠪᠡᠴᠦ ᠳᠤᠭᠤᠢ ᠳᠤᠲᠤᠷ᠎ᠡ ᠡᠴᠡ ᠪᠡᠨ ᠭᠠᠷᠴᠦ ᠶᠠᠪᠤᠨ ᠪᠦᠮᠪᠦᠭᠡ ᠪᠠᠷᠢᠵᠦ ᠪᠤᠯᠬᠤ ᠦᠭᠡᠢ᠃ ᠰᠢᠳᠡᠵᠦ ᠦᠭᠭᠦᠭᠰᠡᠨ ᠪᠦᠮᠪᠦᠭᠡ ᠶᠢ ᠳᠤᠭᠤᠢ ᠳᠤᠲᠤᠷ᠎ᠠ ᠪᠡᠨ ᠬᠦᠭᠡᠭᠡᠴᠡᠯᠳᠦᠨ ᠪᠠᠷᠢᠵᠦ ᠪᠤᠯᠤᠨ᠎ᠠ᠃

ᠢᠡᠭᠭᠢᠵᠦ ᠨᠠᠭᠠᠳᠴᠦ ᠪᠠᠶᠢᠬᠰᠠᠭᠠᠷ ᠦᠪᠡᠷ ᠤᠨ ᠭᠠᠯ ᠳ᠋ᠠᠭᠠᠨ ᠳᠦᠷᠪᠡᠨ ᠤᠳᠠᠭ᠎ᠠ ᠲᠦᠷᠦᠭᠦᠯᠡᠨ ᠪᠦᠮᠪᠦᠭᠡ ᠠᠪᠴᠦ ᠢᠷᠡᠭᠰᠡᠨ ᠭᠠᠯ ᠤᠨ ᠬᠢᠨ ᠢ ᠱᠦᠭᠦᠭᠰᠡᠨ ᠳ᠋ᠦ ᠲᠤᠭᠠᠴᠠᠨ᠎ᠠ᠃

︵ᠡ‍︶ᠮᠤᠷᠢ ᠤᠨᠤᠬᠰᠠᠨ ᠲᠦᠷᠪᠡᠨ ᠨᠠᠭᠠᠳᠤᠬᠴᠢ ᠬᠤᠶᠠᠷ ᠬᠤᠶᠠᠷ ᠢᠶᠡᠷ ᠢᠶᠡᠨ ᠨᠢᠭᠡᠨ ᠭᠠᠯ ᠪᠤᠯᠵᠦ᠂ ᠬᠦᠮᠦᠨ ᠪᠦᠷᠢ ᠨᠢᠭᠡᠨ ᠴᠢᠪᠴᠢᠷᠭ᠎ᠠ ︵ᠴᠤᠬᠢᠭᠤᠷ︶︵ᠦᠵᠦᠭᠦᠷ ᠤᠨ ᠬᠡᠰᠡᠭ ᠲᠡᠭᠡᠨ ᠬᠠᠭᠠᠰ ᠰᠠᠷᠠᠨ ᠬᠡᠯᠪᠡᠷᠢᠲᠡᠢ ᠠᠯᠳᠠ ᠬᠢᠷᠢ ᠤᠷᠲᠦ ᠮᠤᠳᠤ︶ᠠᠳᠬᠤᠵᠦ ᠪᠡᠯᠡᠳᠭᠡᠨ᠎ᠡ᠃

ᠨᠠᠭᠠᠳᠤᠮ ᠡᠬᠢᠯᠡᠬᠦ ᠳᠤᠬᠢᠶ᠎ᠠ ᠳᠤᠤᠭᠠᠷᠤᠮᠠᠬᠴᠠ ᠨᠠᠭᠠᠳᠤᠬᠴᠢᠳ ᠦᠪᠡᠷ ᠦᠪᠡᠷ ᠤᠨ ᠳᠤᠭᠤᠢ ᠶᠢᠨ ᠲᠡᠷᠭᠡᠳᠡ ᠡᠴᠡ ᠲᠠᠯᠠᠪᠠᠢ ᠶᠢᠨ ᠲᠦᠪ ᠲᠦ ᠪᠠᠶᠢᠭ᠎ᠠ ᠪᠦᠮᠪᠦᠭᠡ ᠤᠷᠤᠭᠤ ᠳᠤᠪᠲᠤᠯᠤᠨ ᠤᠴᠢᠵᠦ ᠪᠦᠮᠪᠦᠭᠡ ᠶᠢ ᠠᠪᠴᠦ ᠴᠢᠳᠠᠬᠰᠠᠨ ᠨᠢ ᠦᠪᠡᠷ ᠤᠨ ᠳᠤᠭᠤᠢ ᠤᠷᠤᠭᠤ ᠴᠢᠪᠴᠢᠷᠭ᠎ᠠ ︵ᠴᠤᠬᠢᠭᠤᠷ︶ᠪᠡᠷ ᠢᠶᠡᠨ ᠲᠡᠯᠡᠳᠦᠨ ᠶᠠᠪᠤᠭᠤᠯᠬᠤ ᠪᠤᠶᠤ ᠦᠪᠡᠷ ᠤᠨ ᠬᠢᠨ ᠳ᠋ᠡᠭᠡᠨ ᠲᠠᠮᠵᠢᠭᠤᠯᠤᠨ᠎ᠠ᠃ ᠡᠰᠡᠷᠭᠦ ᠲᠠᠯ᠎ᠠ ᠶᠢᠨ ᠨᠠᠭᠠᠳᠤᠬᠴᠢ ᠨᠢ ᠳᠤᠬᠢᠶᠠᠯ ᠲᠠᠭᠠᠷᠠᠭᠤᠯᠤᠨ ᠪᠤᠯᠢᠶᠠᠨ ᠦᠪᠡᠷ ᠤᠨ ᠳᠤᠭᠤᠢ ᠤᠷᠤᠭᠤ ᠪᠠᠨ ᠴᠤᠬᠢᠭᠤᠷ ᠢᠶᠡᠷ ᠢᠶᠡᠨ ᠲᠠᠳᠠᠨ᠎ᠠ᠃

︽ᠮᠠᠨᠠᠬᠴᠢ︾ ᠶᠢᠨ ᠡᠭᠦᠷᠭᠡ ᠬᠠᠷᠢᠭᠤᠴᠠᠯᠭ᠎ᠠ ᠨᠢ ︽ᠠ‍︾ᠳ᠋ᠦ ᠳᠤᠷᠠᠳᠤᠬᠰᠠᠨ ᠲᠠᠢ ᠠᠳᠠᠯᠢ ᠪᠠᠶᠢᠳᠠᠬ᠃

ᠢᠡᠭᠭᠢᠵᠦ ᠲᠡᠮᠡᠴᠡᠯᠳᠦᠨ ᠨᠠᠭᠠᠳᠤᠭᠠᠳ ᠠᠯᠢ ᠨᠢᠭᠡᠨ ᠭᠠᠯ ᠤᠨ ᠬᠢᠨ ᠲᠦᠷᠦᠭᠦᠯᠡᠭᠡᠳ ᠲᠦᠷᠪᠡᠨ ᠤᠳᠠᠭ᠎ᠠ ᠪᠦᠮᠪᠦᠭᠡ ᠶᠢ ᠦᠪᠡᠷ ᠤᠨ ᠳᠤᠭᠤᠢ ᠳ᠋ᠠᠭᠠᠨ ᠴᠤᠬᠢᠵᠦ ᠤᠷᠤᠭᠤᠯᠤᠬᠰᠠᠨ ᠨᠢ ᠱᠦᠭᠦᠭᠰᠡᠨ ᠢᠶᠡᠷ ᠲᠤᠭᠠᠴᠠᠨ᠎ᠠ᠃

ᠡᠨᠡ ᠬᠤᠶᠠᠷ ᠵᠦᠢᠯ ᠤᠨ ᠮᠤᠷᠢᠨ ᠪᠦᠮᠪᠦᠭᠡ ᠶᠢᠨ ᠨᠠᠭᠠᠳᠤᠮ ᠤᠨ ᠬᠡᠷᠡᠭᠯᠡᠳᠡᠭ ᠪᠦᠮᠪᠦᠭᠡ ᠨᠢ ᠪᠦᠳᠦᠭᠦᠯᠢᠭ ᠰᠢᠭ ᠪᠤᠯᠪᠠᠴᠦ᠂ ᠡᠷᠳᠡ ᠲᠡᠭᠡᠷ᠎ᠡ ᠦᠶ᠎ᠡ ᠳ᠋ᠦ ᠮᠤᠷᠢ ᠪᠡᠷ ᠳᠠᠪᠬᠢᠬᠤ᠂ ᠳᠠᠪᠬᠢᠬᠤ ᠶᠢᠨ ᠲᠠᠭᠠᠤ ᠭᠠᠵᠠᠷ ᠲᠡᠬᠢ ᠪᠦᠮᠪᠦᠭᠡ ᠶᠢ ᠰᠢᠭᠦᠷᠡᠬᠦ᠂ ᠳᠠᠪᠬᠢᠵᠦ ᠪᠠᠶᠢᠭ᠎ᠠ ᠮᠤᠷᠢᠨ ᠲᠡᠭᠡᠷ᠎ᠡ ᠡᠴᠡ ᠦᠰᠦᠷᠦᠨ ᠪᠠᠭᠤᠬᠤ᠂ ᠬᠠᠷᠠᠶᠢᠨ ᠤᠨᠤᠬᠤ ᠵᠡᠷᠭᠡ ᠶᠢᠨ ᠮᠤᠷᠢᠨ ᠼᠢᠷᠺ ᠤᠨ ᠤᠷᠠᠨ ᠮᠡᠷᠭᠡᠵᠢᠯ ᠢ ᠡᠵᠡᠮᠰᠢᠭᠦᠯᠬᠦ᠂ ᠰᠦᠰᠦ ᠵᠤᠷᠢᠬ ᠢ ᠬᠠᠳᠠᠭᠤᠵᠢᠭᠤᠯᠬᠤ ᠬᠦᠮᠦᠵᠢᠯ ᠢ ᠬᠢᠵᠦ ᠪᠠᠶᠢᠬᠰᠠᠨ ᠨᠢ ᠭᠠᠶᠢᠬᠠᠯᠲᠠᠢ ᠠᠵᠤᠭᠤ᠃ ᠮᠤᠡᠭᠭᠤᠯ ᠤᠨ ᠬᠠᠭᠠᠨᠳᠦ ᠤᠯᠤᠰ ᠤᠨ ᠲᠠᠶᠢᠯᠠᠨ ᠲᠠᠭᠠᠭᠤᠯᠬᠤ ᠠᠵᠢᠯᠠᠯᠭ᠎ᠠ ᠪᠠ ᠠᠯᠤᠰ ᠬᠤᠯᠠ ᠶᠢᠨ ᠦᠷᠭᠡᠵᠢᠯ ᠢ ᠳᠠᠭᠠᠯᠳᠤᠨ ᠮᠤᠷᠢᠨ ᠪᠦᠮᠪᠦᠭᠡ ᠶᠢᠨ ᠨᠠᠭᠠᠳᠤᠮ ᠨᠢ ᠪᠤᠰᠤᠳ ᠰᠤᠶᠤᠯ ᠤᠷᠠᠯᠢᠬ ᠤᠨ ᠬᠦᠳᠡᠯᠭᠡᠭᠡᠨ ᠲᠠᠢ ᠠᠳᠠᠯᠢ ᠪᠡᠷ ᠪᠤᠰᠤᠳ ᠤᠯᠤᠰ ᠦᠨᠳᠦᠰᠦᠡᠨ ᠳ᠋ᠦ ᠤᠯᠠᠮᠵᠢᠯᠠᠬᠳᠠᠨ ᠲᠡᠯᠭᠡᠷᠡᠵᠦ᠂ ᠬᠤᠵᠢᠮ ᠨᠢ ᠲᠡᠯᠡᠬᠡᠢ ᠨᠡᠶᠢᠳᠡ ᠶᠢᠨ ᠴᠢᠨᠠᠷᠲᠠᠢ ᠮᠤᠷᠢᠨ ᠪᠦᠮᠪᠦᠭᠡ ᠶᠢᠨ ᠤᠷᠤᠯᠳᠤᠭᠠᠨ ᠪᠤᠯᠤᠬᠰᠠᠨ ᠪᠠᠶᠢᠨ᠎ᠠ᠃

ᠦᠪᠦᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠤ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠤ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠤ ᠲᠠᠮᠢᠷ ᠤᠨ ᠤᠷᠳᠤᠨ ᠲᠠᠭᠠᠭᠠᠴᠢᠯᠠᠪᠠ