ᠰᠤᠷ ᠬᠠᠷᠪᠤᠬᠤ

ᠨᠡᠶᠢᠲᠡᠯᠡᠭᠰᠡᠨ ᠴᠠᠭ : 

2017-07-07 11:26:00

 ᠰᠤᠷ ᠬᠠᠷᠪᠤᠯᠲᠠ ᠪᠤᠯ ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡᠨ ᠵᠦᠢᠯ ᠮᠦᠨ᠃ ᠮᠤᠡᠭᠭᠤᠯ ᠦᠨᠳᠦᠰᠦᠲᠡᠨ ᠪᠤᠯ ᠲᠡᠯᠡᠬᠡᠢ ᠶᠢᠨ ᠤᠯᠠᠨ ᠦᠨᠳᠦᠰᠦᠲᠡᠨ ᠤ ᠳᠤᠮᠳᠠ ᠨᠤᠮᠤ ᠰᠤᠮᠤ ᠶᠢ ᠬᠠᠮᠤᠬ ᠤᠨ ᠡᠷᠳᠡ ᠦᠢᠯᠡᠳᠴᠦ ᠬᠡᠷᠡᠭᠯᠡᠭᠰᠡᠨ ᠦᠨᠳᠦᠰᠦᠲᠡᠨ ᠤ ᠨᠢᠭᠡ ᠨᠢ ᠶᠤᠮ᠃ ᠲᠡᠷᠡ ᠪᠠᠷᠤᠬ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠡᠭᠦᠯᠴᠢ ᠪᠡᠷ ᠨᠤᠮᠤ ᠰᠤᠮᠤ ᠶᠢ ᠡᠭᠦᠳᠦᠨ ᠪᠦᠳᠦᠭᠡᠵᠡᠢ᠃ ᠤᠨ ᠲᠤᠭᠠᠯᠠᠯ ᠤᠨ ᠡᠮᠦᠨ᠎ᠡ ᠵᠢᠷᠭᠤᠳᠤᠭᠠᠷ ᠵᠠᠭᠤᠨ ᠤ ᠦᠶ᠎ᠡ ᠡᠴᠡ ᠮᠤᠡᠭᠭᠤᠯ ᠤᠨ ᠦᠨᠳᠦᠷᠯᠢᠭ ᠲᠡᠭᠡᠷ᠎ᠡ ᠤᠷᠢᠳ ᠬᠤᠵᠢᠳ ᠠᠮᠢᠳᠤᠷᠠᠵᠦ ᠪᠠᠶᠢᠬᠰᠠᠨ ᠾᠦᠡᠭᠨᠦ᠂ ᠳ᠋ᠤᠢᠡᠭᠬᠤ᠂ ᠰᠢᠶᠠᠨᠪᠢ ᠵᠡᠷᠭᠡ ᠤᠬᠰᠠᠭᠠᠲᠠᠨ ᠪᠠ ᠠᠶᠢᠮᠠᠬ ᠤᠨ ᠬᠤᠯᠪᠤᠭ᠎ᠠ ᠨᠤᠭᠤᠳ ᠠᠭᠤᠯᠠ᠂ ᠤᠰᠤ᠂ ᠲᠡᠭᠷᠢ᠂ ᠭᠠᠵᠠᠷ᠂ ᠤᠪᠤᠭ᠎ᠠ᠂ ᠤᠡᠭᠭᠤᠨ ᠲᠠᠬᠢᠬᠤ ᠪᠤᠶᠤ ᠵᠡᠷᠭᠡᠯᠡᠳᠡᠭᠡ ᠠᠶᠢᠮᠠᠬ ᠲᠠᠢ ᠪᠠᠨ ᠬᠤᠯᠪᠤᠭ᠎ᠠ ᠪᠠᠶᠢᠭᠤᠯᠬᠤ᠂ ᠲᠠᠶᠢᠨ ᠪᠠᠶᠢᠯᠳᠤᠭᠠᠨ ᠳ᠋ᠦ ᠮᠤᠷᠳᠠᠬᠤ ᠪᠠ ᠪᠠᠶᠢᠯᠳᠤᠭᠠᠨ ᠤ ᠢᠯᠠᠯᠲᠠ ᠪᠠᠨ ᠪᠡᠯᠭᠡᠯᠡᠬᠦ ᠳ᠋ᠦ ᠪᠦᠷ ᠨᠠᠶᠢᠷ ᠨᠠᠭᠠᠳᠤᠮ ᠬᠢᠵᠦ ᠨᠤᠮᠤ ᠰᠤᠮᠤ ᠬᠠᠷᠪᠤᠬᠤ ᠮᠦᠷᠦᠢᠢᠴᠡᠭᠡᠨ ᠢ ᠶᠠᠪᠤᠭᠤᠯᠳᠠᠬ ᠪᠠᠶᠢᠵᠠᠢ᠃

 ᠮᠤᠡᠭᠭᠤᠯ ᠦᠨᠳᠦᠰᠦᠲᠡᠨ ᠤ ᠬᠠᠮᠳᠦ ᠶᠢᠨ ᠴᠤᠬᠴᠠ ᠪᠦᠷᠢᠯᠳᠦᠬᠦ ᠡᠴᠡ ᠡᠮᠦᠨ᠎ᠡ ᠮᠤᠡᠭᠭᠤᠯᠴᠤᠳ ᠤᠨ ᠡᠪᠦᠭᠡ ᠲᠡᠭᠡᠳᠦᠰ ᠮᠤᠷᠢᠨ ᠲᠡᠭᠡᠷ᠎ᠡ ᠡᠴᠡ ᠨᠠᠮᠨᠠᠬᠤ ᠳ᠋ᠠᠭᠠᠨ ᠴᠢᠳᠠᠮᠠᠭᠠᠢ ᠭᠡᠵᠦ ᠬᠤᠯᠠ ᠤᠶᠢᠷ᠎ᠠ ᠳ᠋ᠠᠭᠠᠨ ᠠᠯᠳᠠᠷᠰᠢᠬᠰᠠᠨ ᠪᠠᠶᠢᠵᠠᠢ᠃ ᠢᠲ᠋ᠠᠯᠢ ᠶᠢᠨ ᠱᠠᠰᠢᠨ ᠲᠡᠯᠭᠡᠷᠡᠭᠦᠯᠦᠭᠴᠢ ᠺᠠᠷᠪᠢᠨᠢ ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠦᠶ᠎ᠡ ᠪᠡᠷ ᠮᠤᠡᠭᠭᠤᠯ ᠤᠷᠤᠨ ᠳ᠋ᠦ ᠢᠷᠡᠵᠦ ᠦᠡᠭᠭᠡᠷᠡᠵᠡᠢ᠃ ᠲᠡᠷᠡ ᠠᠶᠠᠯᠠᠯ ᠤᠨ ᠲᠡᠮᠳᠡᠭᠯᠡᠯ ᠳ᠋ᠡᠭᠡᠨ ︽ᠡᠷᠡᠭᠲᠡᠢ ᠬᠦᠮᠦᠨ ᠰᠤᠮᠤ ᠵᠤᠭᠢᠶᠠᠬᠤ ᠪᠠ ᠮᠠᠯ ᠢᠶᠡᠨ ᠬᠠᠷᠢᠭᠤᠯᠬᠤ ᠡᠴᠡ ᠭᠠᠳᠠᠨ᠎ᠠ ᠶᠠᠭᠤ ᠶᠢ ᠴᠦ ᠬᠠᠮᠢᠶᠠᠷᠬᠤ ᠦᠭᠡᠢ᠃ ᠲᠡᠳᠡ ᠭᠠᠷᠴᠦ ᠠᠡᠭ ᠠᠡᠭᠨᠠᠨ ᠬᠠᠷᠪᠤᠵᠦ ᠨᠠᠮᠨᠠᠬᠤ ᠶᠢ ᠪᠤᠯᠪᠠᠰᠤᠷᠠᠳᠠᠬ᠃  ᠲᠡᠳᠡᠨ ᠤ ᠶᠡᠬᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡ ᠭᠠᠷᠴᠦ ᠠᠡᠭ ᠠᠡᠭᠨᠠᠨ ᠬᠠᠷᠪᠤᠵᠦ ᠨᠠᠮᠨᠠᠬᠤ ᠶᠢ ᠪᠤᠯᠪᠠᠰᠤᠷᠠᠳᠠᠬ᠃ ᠲᠡᠳᠡᠨ ᠤ ᠶᠡᠬᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡᠨ ᠤ ᠬᠡᠤᠬᠡᠳ ᠨᠢ ᠬᠤᠶᠠᠷ ᠭᠤᠷᠪᠠᠨ ᠨᠠᠰᠤᠯᠠᠮᠠᠬᠴᠠ ᠡᠬᠢᠯᠡᠨ ᠮᠤᠷᠢ ᠤᠨᠤᠵᠦ᠂ ᠮᠤᠷᠢ ᠰᠤᠷᠭᠠᠵᠦ᠂ ᠮᠤᠷᠢᠨ ᠳᠡᠭᠡᠷ᠎ᠡ ᠦᠰᠦᠷᠦᠨ ᠭᠠᠷᠴᠦ ᠴᠢᠳᠠᠬᠤ ᠪᠦᠭᠡᠳ ᠪᠠᠰᠠ ᠬᠡᠤᠬᠡᠳ ᠤᠨ ᠨᠠᠰᠤᠨ ᠤ ᠠᠳᠠᠯᠢ ᠪᠤᠰᠤ ᠪᠡᠷ ᠶᠡᠬᠡ ᠪᠠᠭ᠎ᠠ ᠨᠤᠮᠤ ᠦᠭᠴᠦ᠂ ᠲᠡᠳᠡᠨ ᠢ ᠬᠠᠷᠪᠤᠭᠤᠯᠵᠦ ᠰᠤᠷᠭᠠᠳᠠᠬ᠃ ᠲᠡᠳᠡ ᠳᠠᠳᠮᠠᠭᠠᠢ ᠮᠦᠷᠳᠡᠬᠡᠨ ᠡᠷᠡᠯᠬᠡᠭ ᠪᠠᠶᠢᠳᠠᠬ︾ᠭᠡᠵᠦ ᠪᠢᠴᠢᠵᠡᠢ᠃ ᠡᠷᠳᠡᠨ ᠤ ᠦᠶ᠎ᠡ ᠳ᠋ᠦ ᠬᠦᠦ ᠲᠠᠢ ᠪᠤᠯᠪᠠᠯ ᠡᠭᠦᠳᠡᠨ ᠲᠡᠭᠡᠷ᠎ᠡ ᠪᠡᠨ ᠨᠤᠮᠤ ᠡᠯᠭᠦᠵᠦ ᠪᠠᠶᠠᠷᠯᠠᠨ ᠪᠡᠯᠭᠡᠯᠡᠵᠦ᠂ ᠡᠷᠡᠭᠲᠡᠶᠢᠴᠦᠳ ᠪᠤᠯ ᠬᠦᠳᠡᠯᠮᠦᠷᠢᠯᠡᠬᠦ ᠪᠠ ᠤᠯᠤᠰ ᠢᠶᠡᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠲᠠᠢ ᠪᠤᠯᠬᠤᠷ ᠬᠦᠮᠦᠨ ᠪᠦᠬᠦᠨ ᠨᠤᠮᠤ ᠰᠤᠮᠤ ᠬᠠᠷᠪᠤᠵᠦ ᠰᠤᠷᠬᠤ ᠬᠡᠷᠡᠭᠲᠡᠢ ᠪᠠᠶᠢᠳᠠᠬ᠃ ᠡᠷᠳᠡᠨ ᠤ ᠦᠶ᠎ᠡ ᠳ᠋ᠦ ᠴᠦᠬᠡᠨ ᠪᠤᠰᠤ ᠰᠢᠯᠢᠳᠡᠭ ᠰᠤᠷᠴᠢᠨ ᠪᠠᠶᠢᠵᠠᠢ᠃ ᠲᠤᠬᠠᠶᠢᠯᠠᠪᠠᠯ᠂ ᠴᠢᠡᠭᠭᠢᠰ ᠬᠠᠭᠠᠨ ᠤ ᠦᠷᠯᠦᠭ ᠤᠳ ᠪᠤᠯ ᠨᠢᠭᠡ ᠨᠢᠭᠡ ᠪᠡᠷ ᠢᠶᠡᠨ ᠪᠦᠷ ᠴᠡᠴᠡᠨ ᠬᠠᠷᠪᠤᠭᠠᠴᠢ ᠴᠤᠯᠠ ᠲᠠᠢ ᠶᠤᠮ᠃ ᠮᠤᠡᠭᠭᠤᠯ ᠡᠮᠡᠭᠲᠡᠶᠢᠴᠦᠳ ᠤᠨ ᠳᠤᠲᠤᠷ᠎ᠠ ᠴᠦ ᠰᠢᠯᠢᠳᠡᠭ ᠰᠤᠷᠴᠢᠨ ᠪᠠᠶᠢᠵᠠᠢ᠃ ︽ᠮᠤᠡᠭᠭᠤᠯ ᠳᠦ ᠡᠯᠴᠢᠨ ᠢᠶᠡᠷ ᠤᠴᠢᠬᠰᠠᠨ ᠲᠡᠮᠳᠡᠭᠯᠡᠯ︾ᠳ᠋ᠦ ︽ᠮᠤᠡᠭᠭᠤᠯ ᠪᠦᠰᠡᠭᠦᠢᠢᠴᠦᠳ ᠪᠦᠷ ᠦᠮᠦᠳᠦ ᠡᠮᠦᠰᠳᠡᠭ᠂ ᠡᠷᠡᠭᠲᠡᠶᠢᠴᠦᠳ ᠲᠠᠢ ᠠᠳᠠᠯᠢ ᠪᠡᠷ ᠰᠤᠷ ᠬᠠᠷᠪᠤᠵᠦ ᠴᠢᠳᠠᠮᠤᠢ︾ᠭᠡᠵᠦ ᠪᠢᠴᠢᠵᠦ ᠪᠠᠶᠢᠳᠠᠬ᠃

 ᠡᠷᠳᠡᠨ ᠤ ᠮᠤᠡᠭᠭᠤᠯᠴᠤᠳ ᠰᠤᠷ ᠬᠠᠷᠪᠤᠬᠤ ᠳ᠋ᠠᠭᠠᠨ ᠶᠠᠪᠠᠭᠠᠨ ᠬᠠᠷᠪᠤᠯᠲᠠ᠂ ᠮᠤᠷᠢᠨ ᠬᠠᠷᠪᠤᠯᠲᠠ ᠳ᠋ᠦ ᠪᠦᠷ ᠴᠢᠳᠠᠮᠠᠭᠠᠢ ᠪᠠᠶᠢᠳᠠᠬ᠃ ︽ᠬᠠᠷ᠎ᠠ ᠲᠠᠲ᠋ᠠᠷ ᠤᠨ ᠪᠦᠷᠢᠨ ᠲᠡᠮᠳᠡᠭᠯᠡᠯ︾ᠳ᠋ᠦ ︽ᠲᠦᠷᠪᠡ ᠲᠠᠪᠤᠨ ᠨᠠᠰᠤᠨ ᠳ᠋ᠤᠨᠢ ᠪᠠᠭ᠎ᠠ ᠨᠤᠮᠤ᠂ ᠤᠬᠤᠷ ᠰᠤᠮᠤ ᠤᠷᠤᠯᠳᠤᠭᠤᠯᠤᠬᠰᠠᠭᠠᠷ ᠦᠰᠦᠭᠰᠡᠨ ᠤ ᠬᠤᠶᠢᠨ᠎ᠠ ᠵᠢᠯ ᠤᠨ ᠲᠦᠷᠪᠡᠨ ᠤᠯᠠᠷᠢᠯ ᠳ᠋ᠦ ᠠᠡᠭ ᠠᠪᠠ ᠬᠢᠬᠦ ᠳ᠋ᠦ ᠶᠠᠪᠤᠭᠤᠯᠤᠮᠤᠢ᠂ ᠲᠠᠪᠬᠢᠯᠳᠤᠭᠤᠯᠤᠨ ᠬᠠᠷᠠᠶᠢᠯᠭᠠᠬᠤᠢ ᠳ᠋ᠤᠷ ᠭᠡᠳᠡᠶᠢᠨ ᠵᠤᠬᠰᠤᠬᠤ ᠡᠴᠡ ᠪᠢᠰᠢ ᠰᠠᠭᠤᠬᠤ ᠦᠭᠡᠢ᠂ ᠡᠶᠢᠮᠦ ᠡᠴᠡ ᠨᠠᠢᠮᠠ ᠶᠢᠰᠦᠨ ᠬᠤᠪᠢ ᠶᠢᠨ ᠬᠦᠴᠦᠨ ᠨᠢ ᠰᠠᠶ᠋ᠢ ᠭᠤᠳᠤᠯ ᠳ᠋ᠤᠷ ᠬᠦᠷᠳᠡᠭ᠂ ᠬᠤᠢ ᠰᠠᠯᠬᠢ ᠢᠷᠡᠬᠦ ᠰᠢᠭ ᠲᠦᠷᠭᠡᠨ ᠪᠦᠭᠡᠳ ᠠᠭᠤᠯᠠ ᠨᠤᠷᠠᠭᠠᠮᠠᠷ ᠬᠦᠴᠦᠨ ᠲᠠᠢ᠂ ᠵᠡᠭᠦᠨᠰᠢ ᠨᠤᠭᠤᠯᠤᠷᠠᠨ ᠡᠷᠭᠢᠯᠳᠦᠬᠦ ᠨᠢ ᠵᠢᠭᠦᠷᠲᠡᠨ ᠠᠮᠢᠳᠠᠨ ᠰᠢᠬ ᠬᠦᠡᠭᠬᠡᠨ ᠪᠤᠯᠬᠤᠷ ᠵᠡᠭᠦᠨᠰᠢ ᠬᠢ ᠶᠢ ᠠᠡᠭᠬᠠᠷᠤᠨ᠂ ᠪᠠᠷᠠᠭᠤᠨᠰᠢ ᠬᠢ ᠶᠢ ᠬᠠᠷᠪᠤᠬᠤ ᠳ᠋ᠠᠭᠠᠨ ᠴᠢᠳᠠᠮᠠᠭᠠᠢ ᠪᠦᠯᠦᠭᠡ᠃ ᠬᠤᠳᠠᠷᠭᠠᠨ ᠭᠤᠳᠤᠰ ᠨᠠᠮᠨᠠᠬᠤ ᠪᠡᠷ ᠦᠯᠦ ᠪᠠᠷᠠᠮ ᠶᠠᠪᠠᠭᠠᠨ ᠢᠶᠡᠷ ᠬᠠᠷᠪᠤᠬᠤ ᠳ᠋ᠠᠭᠠᠨ ᠬᠦᠯ ᠢᠶᠡᠨ ᠠᠯᠴᠠᠶᠢᠨ ᠵᠤᠬᠰᠤᠵᠦ ᠠᠯᠬᠤᠴᠠ ᠨᠢ ᠠᠭᠤᠳᠠᠮ᠂ ᠭᠤᠶ᠎ᠠ ᠪᠡᠨ ᠨᠤᠬᠳᠤᠯᠭᠠᠵᠦ᠂ ᠨᠢᠷᠤᠭᠤ ᠪᠠᠨ ᠪᠦᠭᠲᠦᠢᠢᠬᠦ ᠪᠤᠯᠬᠤᠷ ᠬᠦᠴᠦᠲᠡᠢ ᠪᠦᠭᠡᠳ ᠬᠠᠪᠳᠠᠰᠦ ᠶᠢ ᠨᠡᠪᠳᠡ ᠰᠢᠪᠲᠤᠯᠵᠦ ᠴᠢᠳᠠᠮᠤᠢ︾ᠭᠡᠵᠡᠢ᠃ ᠡᠨᠳᠡ ᠮᠤᠷᠢᠨ ᠲᠡᠭᠡᠷ᠎ᠡ ᠡᠴᠡ ᠨᠠᠮᠨᠠᠬᠤ ᠪᠤᠯᠤᠨ ᠶᠠᠪᠠᠭᠠᠨ ᠢᠶᠡᠷ ᠬᠠᠷᠪᠤᠬᠤ ᠠᠷᠭ᠎ᠠ ᠶᠢ ᠶᠠᠷᠢᠵᠠᠢ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ