ᠲᠡᠮᠡᠭᠡ ᠪᠤᠯ ᠮᠤᠡᠭᠭᠤᠯᠴᠤᠳ ᠤᠨ ᠲᠠᠪᠤᠨ ᠬᠤᠰᠢᠭᠤ ᠮᠠᠯ ᠤᠨ ᠨᠢᠭᠡ ᠨᠢ ᠪᠦᠭᠡᠳ ᠠᠷᠪᠠᠨ ᠬᠤᠶᠠᠷ ᠵᠦᠢᠯ ᠤᠨ ᠡᠰᠢ ᠡᠷᠬᠡᠲᠡᠨ ᠢ ᠭᠠᠬᠴᠠ ᠪᠡᠶ᠎ᠡ ᠳ᠋ᠦ ᠪᠡᠨ ᠪᠦᠷᠢᠳᠦᠭᠦᠯᠦᠭᠰᠡᠨ᠂ ᠭᠤᠪᠢ ᠨᠤᠳᠤᠬ ᠤᠨ ᠴᠢᠮᠡᠭ ᠪᠤᠯᠤᠬᠰᠠᠨ ᠭᠤᠶᠢᠳᠠ ᠰᠠᠶᠢᠬᠠᠨ ᠠᠮᠢᠳᠠᠨ ᠶᠤᠮ᠃ ᠲᠡᠮᠡᠭᠡ ᠶᠢ ᠬᠦᠮᠦᠰ ᠠᠡᠭᠭᠢᠷ ᠲᠦᠭᠡᠷᠢᠮᠡ ᠮᠠᠨᠠᠨ ᠳ᠋ᠦ ᠲᠦᠭᠡᠷᠢᠳᠡᠭ ᠦᠭᠡᠢ᠂ ᠠᠷᠭᠠᠯᠢ ᠴᠠᠡᠭᠭᠠᠮᠠ ᠬᠠᠯᠠᠭᠤᠨ ᠳ᠋ᠦ ᠴᠠᠡᠭᠭᠠᠳᠠᠬ ᠦᠭᠡᠢ᠂ ᠬᠠᠨ᠎ᠠ ᠬᠤᠭᠤᠷᠠᠮ᠎ᠠ ᠰᠠᠯᠬᠢᠨ ᠳ᠋ᠦ ᠨᠦᠮᠦᠷᠢ ᠡᠷᠢᠳᠡᠭ ᠦᠭᠡᠢ᠂ ᠬᠠᠳᠠ ᠬᠠᠭᠠᠷᠠᠮ᠎ᠠ ᠬᠦᠢᠳᠡᠨ ᠳ᠋ᠦ ᠤᠷᠤᠭᠤᠳᠠᠳᠠᠬ ᠦᠭᠡᠢ ᠠᠮᠢᠳᠠᠨ᠂ ᠲᠡᠮᠡᠭᠡ ᠭᠡᠭᠴᠢ ᠲᠡᠭᠷᠢ ᠶᠢᠨ ᠪᠤᠳᠤᠭᠤ ᠭᠡᠳᠡᠭ᠃ ᠲᠡᠮᠡᠭᠡ ᠠᠬᠯᠠᠬ ᠴᠦᠯ᠂ ᠡᠯᠡᠰᠦᠨ ᠭᠤᠪᠢ᠂ ᠤᠰᠤ ᠪᠡᠯᠴᠢᠭᠡᠷ ᠴᠤᠬᠠᠬ ᠭᠠᠵᠠᠷ ᠴᠦ ᠤᠷᠤᠰᠢᠨ ᠠᠮᠢᠳᠤᠷᠠᠵᠦ ᠴᠢᠳᠠᠳᠠᠬ ᠲᠡᠰᠪᠦᠷᠢ ᠰᠠᠶᠢᠲᠠᠢ ᠠᠮᠢᠳᠠᠨ ᠪᠤᠯᠬᠤᠷ ᠮᠤᠡᠭᠭᠤᠯᠴᠤᠳ ᠲᠡᠮᠡᠭᠡ ᠶᠢ ᠤᠨᠤᠰᠢ᠂ ᠬᠦᠯᠦᠰᠢ᠂ ᠠᠶᠠᠨ ᠤ ᠲᠡᠭᠡᠭᠡᠪᠦᠷᠢ ᠳ᠋ᠦ ᠶᠡᠬᠡᠬᠡᠨ ᠬᠡᠷᠡᠭᠯᠡᠳᠡᠭ ᠶᠤᠮ᠃
ᠮᠤᠡᠭᠭᠤᠯᠴᠤᠳ ᠤᠨ ᠲᠡᠮᠡᠭᠡ ᠤᠷᠤᠯᠳᠤᠵᠦ ᠪᠠᠶᠢᠬᠰᠠᠨ ᠢ ︽ᠵᠡᠭᠦᠨ ᠬᠠᠨ ᠤᠯᠤᠰ ᠤᠨ ᠲᠡᠤᠬᠡ︾ᠳ᠋ᠦ ᠾᠦᠡᠭᠨᠦᠴᠤᠳ ᠲᠡᠮᠡᠭᠡ ᠤᠷᠤᠯᠳᠤᠵᠦ ᠪᠠᠶᠢᠬᠰᠠᠨ ᠭᠡᠬᠦ ᠬᠡᠰᠡᠭ ᠡᠴᠡ ᠤᠯᠵᠦ ᠬᠠᠷᠠᠳᠠᠬ᠃
ᠦᠪᠦᠷ ᠮᠤᠡᠭᠭᠤᠯ ᠤᠨ ᠪᠠᠷᠠᠭᠤᠨ ᠬᠡᠰᠡᠭ ᠤᠨ ᠠᠯᠠᠱᠠ᠂ ᠡᠵᠡᠨ᠎ᠡ᠂ ᠤᠶᠢᠷᠠᠳ᠂ ᠤᠷᠳᠤᠰ ᠵᠡᠷᠭᠡ ᠤᠷᠤᠨ ᠳ᠋ᠦ ᠲᠡᠮᠡᠭᠡ ᠤᠷᠤᠯᠳᠤᠬᠤ ᠨᠢ ᠡᠷᠳᠡ ᠡᠴᠡ ᠤᠯᠠᠮᠵᠢᠯᠠᠵᠦ ᠢᠷᠡᠭᠰᠡᠨ ᠪᠦᠭᠡᠳ ᠦᠷᠬᠦᠯᠵᠢ ᠶᠠᠪᠤᠭᠤᠯᠳᠠᠬ ᠬᠦᠳᠡᠯᠭᠡᠭᠡᠨ ᠪᠤᠯᠵᠠᠢ᠃ ᠲᠡᠳᠡ ᠤᠪᠤᠭ᠎ᠠ ᠱᠠᠡᠭᠰᠢ ᠲᠠᠬᠢᠬᠤ᠂ ᠨᠠᠶᠢᠷ ᠬᠤᠷᠢᠮ᠂ ᠪᠠᠶᠠᠷ ᠪᠡᠯᠭᠡ ᠲᠠᠢ ᠡᠳᠦᠷ ᠤᠷᠤᠯᠳᠤᠵᠠᠭᠠᠵᠦ᠂ ᠲᠡᠮᠡᠭᠡᠨ ᠨᠠᠶᠢᠷ ᠲᠠᠯᠪᠢᠵᠦ᠂ ᠢᠷᠦᠭᠡᠯ ᠮᠠᠬᠲᠠᠭᠠᠯ ᠤᠡᠭᠰᠢᠵᠦ᠂ ᠦᠨᠳᠦᠰᠦᠲᠡᠨ ᠤ ᠤᠯᠠᠮᠵᠢᠯᠠᠯᠲᠦ ᠤᠤᠭᠠᠯ ᠰᠤᠶᠤᠯ ᠢᠶᠡᠨ ᠠᠮᠳᠠᠷᠬᠠᠳᠠᠬ᠃
ᠲᠡᠮᠡᠭᠡᠨ ᠤᠷᠤᠯᠳᠤᠭᠠᠨ ᠢ ᠭᠤᠤᠯᠳᠠᠭᠤ ᠬᠤᠯᠠ ᠶᠢᠨ ᠤᠷᠤᠯᠳᠤᠭᠠᠨ᠂ ᠤᠶᠢᠷ᠎ᠠ ᠵᠠᠢ ᠶᠢᠨ ᠤᠷᠤᠯᠳᠤᠭᠠᠨ᠂ ᠪᠤᠤᠷ᠎ᠠ ᠶᠢᠨ ᠤᠷᠤᠯᠳᠤᠭᠠᠨ ᠭᠡᠵᠦ ᠬᠤᠪᠢᠶᠠᠳᠠᠬ᠃ ᠬᠤᠯᠠ ᠶᠢᠨ ᠤᠷᠤᠯᠳᠤᠭᠠᠨ ᠳ᠋ᠦ 30-70 ᠭᠠᠵᠠᠷ ᠲᠠᠯᠪᠢᠵᠦ᠂ ᠤᠶᠢᠷ᠎ᠠ ᠵᠠᠢ ᠶᠢᠨ ᠤᠷᠤᠯᠳᠤᠭᠠᠨ ᠢ 4-10 ᠭᠠᠵᠠᠷ ᠤᠨ ᠬᠡᠮᠵᠢᠶ᠎ᠡ ᠲᠠᠢ ᠲᠠᠯᠪᠢᠳᠠᠬ᠃ ᠵᠤᠷᠰᠢᠯ ᠢᠶᠡᠷ ᠪᠤᠯ ᠲᠠᠯᠪᠢᠬᠤ ᠲᠡᠮᠡᠭᠡᠨ ᠤ ᠨᠠᠰᠦ ᠵᠢᠯ ᠢ ᠢᠯᠭᠠᠬᠤ ᠦᠭᠡᠢ᠂ ᠤᠷᠤᠯᠴᠠᠬᠤ ᠲᠡᠮᠡᠭᠡᠨ ᠲᠤᠭ᠎ᠠ ᠶᠢ ᠬᠢᠵᠠᠭᠠᠷᠯᠠᠳᠠᠬ ᠦᠭᠡᠢ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ