ᠪᠢᠯᠠᠭᠤ ᠰᠢᠳᠡᠬᠦ

ᠨᠡᠶᠢᠲᠡᠯᠡᠭᠰᠡᠨ ᠴᠠᠭ : 

2017-07-07 14:55:00

 ᠪᠢᠯᠠᠭᠤ ᠪᠤᠯ ᠮᠤᠡᠭᠭᠤᠯᠴᠤᠳ ᠤᠨ ᠡᠷᠳᠡ ᠲᠡᠭᠡᠳᠦ ᠦᠶ᠎ᠡ ᠡᠴᠡ ᠤᠯᠠᠮᠵᠢᠯᠠᠵᠦ ᠢᠷᠡᠭᠰᠡᠨ ᠪᠡᠶ᠎ᠡ ᠬᠠᠮᠠᠭᠠᠯᠠᠬᠤ ᠵᠡᠪᠰᠡᠭ᠂ ᠠᠪᠠ ᠠᠡᠭᠨᠠᠯ ᠤᠨ ᠪᠠᠭᠠᠵᠢ᠂ ᠪᠤᠯᠪᠠᠰᠤᠷᠠᠯ ᠨᠠᠭᠠᠳᠤᠮ ᠤᠨ ᠬᠡᠷᠡᠭᠯᠡᠭᠦᠷ ᠪᠦᠭᠡᠳ ᠮᠤᠡᠭᠭᠤᠯ ᠠᠶᠢᠯ ᠤᠨ ᠭᠡᠷ ᠤᠨ ᠡᠷᠳᠡᠨᠢ ᠶᠤᠮ᠃ 

 ᠪᠢᠯᠠᠭᠤ ᠰᠢᠳᠡᠬᠦ ᠬᠦᠳᠡᠯᠭᠡᠭᠡᠨ ᠨᠢ ᠬᠦᠮᠦᠨ ᠤ ᠪᠡᠶ᠎ᠡ ᠮᠠᠬᠠᠪᠤᠳ ᠲᠦ ᠲᠦᠢᠯ ᠢᠶᠡᠷ ᠠᠰᠢᠬᠲᠠᠢ ᠪᠠᠶᠢᠳᠠᠬ᠃ ᠪᠢᠯᠠᠭᠤ ᠴᠤᠬᠢᠬᠤ ᠦᠶ᠎ᠡ ᠳ᠋ᠦ ᠭᠦᠶᠦᠵᠦ ᠪᠠᠶᠢᠭᠠᠳ ᠴᠤᠬᠢᠬᠤ ᠲᠤᠯᠠ ᠬᠦᠮᠦᠨ ᠤ ᠭᠦᠶᠦᠵᠦ ᠬᠠᠷᠠᠶᠢᠬᠤ ᠴᠢᠳᠠᠪᠤᠷᠢ ᠶᠢ ᠲᠡᠭᠡᠭᠰᠢᠯᠡᠭᠦᠯᠳᠡᠭ᠃ ᠪᠠᠰᠠ ᠨᠢᠷᠤᠭᠤ ᠴᠡᠭᠡᠵᠢ᠂ ᠮᠦᠷᠦ ᠶᠢᠨ ᠬᠦᠴᠦ ᠶᠢ ᠪᠤᠯᠪᠠᠰᠤᠷᠠᠭᠤᠯᠬᠤ ᠮᠦᠷᠳᠡᠬᠡᠨ ᠪᠦᠬᠦ ᠪᠡᠶ᠎ᠡ ᠶᠢᠨ ᠵᠤᠬᠢᠴᠠᠡᠭᠭᠤᠢ ᠴᠢᠨᠠᠷ ᠪᠤᠯᠤᠨ ᠤᠶᠠᠨ ᠬᠠᠳᠠᠨ ᠴᠢᠨᠠᠷ ᠢ ᠲᠡᠭᠡᠭᠰᠢᠯᠡᠭᠦᠯᠬᠦ ᠳ᠋ᠦ ᠠᠰᠢᠬᠲᠠᠢ ᠪᠠᠶᠢᠳᠠᠬ᠃

 ᠪᠢᠯᠠᠭᠤ ᠳ᠋ᠦ ᠤᠡᠭᠬᠢᠨ ᠪᠢᠯᠠᠭᠤ᠂ ᠵᠢᠷᠦᠬᠡᠨ ︵ᠲᠡᠭᠦᠵᠢᠡᠭ︶ᠪᠢᠯᠠᠭᠤ᠂ ᠬᠠᠶᠢᠪ ︵ᠬᠠᠶᠠᠮᠠᠯ︶ᠭᠡᠵᠦ ᠶᠡᠬᠡ ᠲᠦᠯᠦᠪ ᠭᠤᠷᠪᠠᠨ ᠬᠡᠯᠪᠡᠷᠢ ᠪᠠᠶᠢᠳᠠᠬ᠃ ᠪᠢᠯᠠᠭᠤ ᠶᠢ ᠤᠡᠭᠬᠢ ᠪᠠ ᠵᠢᠷᠦᠬᠡ ᠶᠢ ᠲᠤᠭᠤᠯᠠᠭ᠎ᠠ ᠪᠤᠶᠤ ᠵᠡᠰ ᠭᠠᠤᠯᠢ᠂ ᠲᠡᠮᠦᠷ ᠢᠶᠡᠷ ᠬᠢᠳᠡᠭ᠃ ᠪᠢᠯᠠᠭᠤ ᠶᠢᠨ ᠡᠰᠢ ᠶᠢ ᠬᠠᠶᠢᠯᠠᠰᠦ᠂ ᠰᠢᠷ᠎ᠠ ᠳᠠᠯᠳᠤᠨ ᠮᠤᠳᠤ ᠪᠡᠷ ᠮᠠᠳᠠᠵᠦ ᠬᠢᠨ᠎ᠡ᠃ ᠪᠢᠯᠠᠭᠤ ᠨᠢ ᠭᠠᠷ ᠤᠨ ᠬᠦᠴᠦ ᠪᠡᠨ ᠦᠨᠳᠦᠰᠦᠯᠡᠨ ᠲᠠᠤᠯᠠᠢ ᠴᠤᠬᠢᠬᠤ᠂ ᠴᠢᠨ᠋ᠸ᠎ᠠ ᠴᠤᠬᠢᠬᠤ ᠪᠡᠷ ᠤᠡᠭᠬᠢ ᠶᠢ ᠨᠢ ᠴᠢᠳᠬᠤᠳᠠᠬ᠃ ᠪᠢᠯᠠᠭᠤ ᠶᠢᠨ ᠡᠰᠢ ᠶᠢ ᠬᠡᠷᠡᠭᠯᠡᠬᠦ ᠬᠦᠮᠦᠨ ᠤ ᠪᠠᠨ ᠵᠢᠷᠭᠤᠭᠠᠨ ᠪᠠᠷᠢᠮ ᠬᠭᠠᠰ ᠤᠷᠴᠢᠮ ᠤᠷᠲᠦ ᠬᠢᠳᠡᠭ᠃

 ᠪᠢᠯᠠᠭᠤ ᠴᠤᠬᠢᠬᠤ ᠬᠦᠳᠡᠯᠭᠡᠭᠡᠨ ᠳ᠋ᠦ ᠭᠠᠯᠠᠭᠤ ᠴᠤᠬᠢᠬᠤ᠂ ᠳ᠋ᠢᠡᠭᠭ᠎ᠠ ᠴᠤᠬᠢᠬᠤ᠂ ᠲᠤᠡᠭᠭ᠎ᠠ ᠴᠤᠬᠢᠬᠤ᠂ ᠮᠠᠨᠤᠤᠯ ᠴᠤᠬᠢᠬᠤ᠂ ᠲᠤᠭᠤᠢ ᠴᠤᠬᠢᠬᠤ᠂ ᠲᠠᠤᠯᠠᠢ ᠴᠤᠬᠢᠬᠤ ᠵᠡᠷᠭᠡ ᠬᠡᠯᠪᠡᠷᠢ ᠪᠠᠶᠢᠳᠠᠬ᠃ ᠵᠤᠤ ᠤᠳᠠ ᠶᠢᠨ ᠪᠠᠭᠠᠷᠢᠨ᠂ ᠠᠷᠤ ᠬᠤᠷᠴᠢᠨ᠂ ᠤᠡᠭᠨᠢᠭᠤᠳ ᠢᠶᠡᠷ ᠤᠤᠯ ᠳ᠋ᠦ ᠪᠠᠨ ᠲᠠᠤᠯᠠᠢ ᠶᠢᠨ ᠠᠪᠠ ᠲᠡᠭᠡᠷ᠎ᠡ ᠮᠤᠷᠢᠨ ᠤ ᠲᠤᠷᠭᠠᠨ ᠭᠦᠶᠦᠳᠡᠯ ᠲᠡᠭᠡᠷ᠎ᠡ ᠭᠦᠶᠦᠭᠡ ᠲᠠᠤᠯᠠᠢ ᠶᠢ ᠤᠨᠤᠪᠴᠢᠲᠠᠢ ᠴᠤᠬᠢᠵᠦ ᠠᠪᠠᠯᠠᠵᠦ ᠪᠠᠶᠢᠬᠰᠠᠨ ᠶᠤᠮ᠃ ᠪᠢᠯᠠᠭᠤ ᠴᠤᠬᠢᠬᠤ ᠬᠦᠳᠡᠯᠭᠡᠭᠡᠨ ᠨᠢ ᠦᠪᠦᠷ ᠮᠤᠡᠭᠭᠤᠯ ᠤᠨ ᠵᠤᠤ ᠤᠳᠠ᠂ ᠵᠢᠷᠢᠮ᠂ ᠬᠦᠯᠦᠨ ᠪᠤᠶᠢᠷ ᠢᠶᠡᠷ ᠬᠠᠷᠠᠬᠳᠠᠵᠦ ᠪᠠᠶᠢᠳᠠᠬ᠃

 ᠪᠢᠯᠠᠭᠤ ᠴᠤᠬᠢᠬᠤ ᠶᠢ ᠮᠤᠷᠢᠨ ᠲᠡᠭᠡᠷ᠎ᠡ ᠡᠴᠡ ᠴᠤᠬᠢᠬᠤ ᠪᠠ ᠶᠠᠪᠠᠭᠠᠨ ᠴᠤᠬᠢᠬᠤ︔ ᠶᠠᠪᠠᠭᠠᠨ ᠴᠤᠬᠢᠬᠤ ᠳ᠋ᠦ ᠤᠷᠤᠨ ᠳ᠋ᠦ ᠪᠡᠨ ᠵᠤᠬᠰᠤᠵᠦ ᠴᠤᠬᠢᠬᠤ ᠪᠠ ᠤᠬᠵᠤᠮ ᠭᠦᠶᠦᠭᠡᠳ ᠴᠤᠬᠢᠬᠤ ᠭᠡᠵᠦ ᠪᠤᠢ᠃ ᠮᠦᠷᠦᠢᠢᠴᠡᠭᠡᠨ ᠳ᠋ᠦ ᠪᠢᠯᠠᠭᠤ ᠶᠢ ᠬᠤᠯᠠ ᠴᠤᠬᠢᠬᠤ ᠪᠠ ᠤᠨᠤᠪᠴᠢᠲᠠᠢ ᠴᠤᠬᠢᠬᠤ ᠭᠡᠵᠦ ᠬᠤᠶᠠᠷ ᠬᠡᠯᠪᠡᠷᠢ ᠬᠤᠪᠢᠶᠠᠳᠠᠬ᠃ 

 ᠪᠢᠯᠠᠭᠤ ᠶᠢᠨ ᠲᠤᠬᠠᠢ ᠵᠠᠡᠭ ᠦᠢᠯᠡ ᠳ᠋ᠦ ᠮᠤᠡᠭᠭᠤᠯᠴᠤᠳ ᠠᠡᠭ ᠬᠢᠬᠦ ᠡᠴᠡ ᠭᠠᠳᠠᠨ᠎ᠠ ᠮᠠᠯ ᠰᠦᠷᠦᠭ ᠲᠦ ᠪᠡᠨ ᠶᠠᠪᠤᠬᠤ ᠳ᠋ᠦ ᠪᠢᠯᠠᠭᠤ ᠰᠤᠶᠢᠷᠠᠵᠦ ᠶᠠᠪᠤᠳᠠᠬ᠃ ᠡᠨᠡ ᠨᠢ ᠴᠢᠨ᠋ᠸ᠎ᠠ ᠨᠤᠬᠠᠢ ᠮᠠᠯ ᠰᠦᠷᠦᠭ ᠲᠦ ᠤᠷᠤᠬᠤ ᠶᠢ ᠰᠡᠷᠬᠡᠶᠢᠯᠡᠬᠦ ᠮᠦᠷᠳᠡᠬᠡᠨ ᠮᠠᠯ ᠡᠷᠭᠢᠭᠦᠯᠬᠦ ᠳ᠋ᠦ ᠵᠠᠷᠤᠳᠠᠬ ᠪᠠᠶᠢᠨ᠎ᠠ᠃ ᠡᠷ᠎ᠡ ᠬᠦᠮᠦᠨ ᠮᠠᠯ᠂ ᠲᠠᠷᠢᠶ᠎ᠠ᠂ ᠲᠦᠯᠡᠭᠡ᠂ ᠮᠤᠳᠤᠨ ᠳ᠋ᠦ ᠶᠠᠪᠤᠬᠤ ᠳ᠋ᠦ ᠪᠢᠯᠠᠭᠤ ᠠᠪᠴᠦ ᠶᠠᠪᠤᠳᠠᠬ᠃ ᠪᠢᠯᠠᠭᠤ ᠪᠠᠨ ᠰᠤᠶᠢᠷᠠᠵᠦ ᠠᠶᠢᠯ ᠤᠨ ᠭᠡᠷ ᠲᠦ ᠤᠷᠤᠬᠤ ᠦᠭᠡᠢ᠂ ᠵᠠᠪᠠᠯ ᠭᠠᠳᠠᠨ᠎ᠠ ᠡᠭᠦᠳᠡᠨ ᠤ ᠬᠠᠵᠠᠭᠤ ᠳ᠋ᠡ᠋ᠬᠢ ᠡᠯᠭᠦᠭᠦᠷ ᠲᠡᠭᠡᠷ᠎ᠡ ᠡᠯᠭᠦᠵᠦ ᠲᠠᠯᠪᠢᠳᠠᠬ᠃ ᠠᠶᠢᠯ ᠤᠨ ᠵᠤᠴᠢᠨ ᠤ ᠪᠢᠯᠠᠭᠤ ᠶᠢ ᠬᠡᠤᠬᠡᠳ ᠢᠶᠡᠷ ᠢᠶᠡᠨ ᠨᠠᠭᠠᠳᠤᠭᠤᠯᠬᠤ ᠦᠭᠡᠢ᠂ ᠪᠢᠯᠠᠭᠤ ᠪᠠᠨ ᠲᠡᠭᠡᠷ ᠡ ᠳᠤᠤᠷ᠎ᠠ ᠬᠠᠶᠠᠵᠦ ᠬᠦᠮᠦᠨ ᠮᠠᠯ ᠢᠶᠡᠷ ᠭᠢᠰᠭᠢᠭᠦᠯᠬᠦ ᠶᠢ ᠲᠠᠰᠤ ᠴᠡᠭᠡᠷᠯᠡᠨ᠎ᠡ᠃ ᠪᠢᠯᠠᠭᠤ ᠪᠠᠨ ᠭᠡᠭᠡᠭᠡᠳ ᠪᠠᠶᠢᠬᠤ ᠳ᠋ᠦ ᠤᠯᠵᠦ ᠠᠪᠤᠬᠰᠠᠨ ᠡᠵᠡᠨ ᠳ᠋ᠦ ᠰᠠᠶᠢᠳᠤᠷ ᠲᠠᠯᠠᠷᠬᠠᠨ᠎ᠠ᠃ ᠬᠦᠦ ᠲᠠᠢ ᠪᠤᠯᠪᠠᠯ ᠤᠢ ᠶᠢᠨ ᠬᠤᠷᠢᠮ ᠲᠡᠭᠡᠷ᠎ᠡ ᠬᠡᠤᠬᠡᠳ ᠢᠶᠡᠷ ᠢᠶᠡᠨ ᠡᠳ᠋ ᠪᠠᠷᠠᠭ᠎ᠠ ᠰᠤᠡᠭᠭᠤᠭᠤᠯᠬᠤ ᠳ᠋ᠦ ᠪᠢᠯᠠᠭᠤ ᠲᠠᠯᠪᠢᠳᠠᠬ᠃ ᠬᠡᠤᠬᠡᠳ ᠨᠢ ᠪᠢᠯᠠᠭᠤ ᠠᠪᠤᠬᠰᠠᠨ ᠪᠠᠶᠢᠪᠠᠯ ᠠᠳᠠᠭᠠᠲᠠᠨ ᠲᠠᠶᠢᠰᠦᠨ ᠢ ᠦᠨᠳᠡᠶᠢᠯᠭᠡᠳᠡᠭ ᠦᠭᠡᠢ ᠰᠠᠶᠢᠨ ᠡᠷ᠎ᠡ ᠪᠤᠯᠤᠨ᠎ᠡ ᠭᠡᠵᠦ ᠪᠡᠯᠬᠡᠰᠢᠶᠡᠳᠡᠭ᠃ ᠤᠯᠠᠨ ᠬᠦᠦ ᠲᠠᠢ ᠬᠦᠮᠦᠨ ᠬᠦᠦ ᠨᠢ ᠪᠢᠯᠠᠭᠤ ᠵᠠᠷᠤᠬᠤ ᠨᠠᠰᠤᠨ ᠳ᠋ᠦ ᠬᠦᠷᠦᠮᠡᠭᠴᠡ ᠪᠢᠯᠠᠭᠤ ᠴᠢᠳᠬᠤᠭᠤᠯᠵᠦ ᠭᠠᠷ ᠤᠨ ᠵᠡᠪᠰᠡᠭ ᠲᠠᠢ ᠪᠤᠯᠭᠠᠳᠠᠬ᠃ ᠪᠢᠯᠠᠭᠤ ᠪᠡᠷ ᠰᠠᠶᠢᠨ ᠬᠦᠮᠦᠨ ᠢ ᠴᠤᠬᠢᠵᠦ ᠪᠤᠯᠳᠠᠬ ᠦᠭᠡᠢ ᠭᠡᠬᠦ ᠮᠡᠳᠦ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ