ᠰᠠᠪᠬᠠᠨ ᠪᠦᠵᠢᠭ

ᠨᠡᠶᠢᠲᠡᠯᠡᠭᠰᠡᠨ ᠴᠠᠭ : 

2017-07-17 10:00:00

ᠨᠢᠭᠡ᠂ ᠰᠠᠪᠬᠠᠨ ᠪᠦᠵᠢᠭ ᠪᠠ ᠲᠡᠭᠦᠨ ᠤ ᠡᠭᠦᠰᠦᠯ ᠬᠦᠭᠵᠢᠯ

 ᠰᠠᠪᠬᠠᠨ ᠪᠦᠵᠢᠭ ᠪᠤᠯ ᠶᠡᠬᠡ ᠵᠤᠤ ᠠᠶᠢᠮᠠᠬ ᠤᠨ ᠤᠷᠳᠤᠰ ᠠᠷᠠᠳ ᠤᠨ ᠳᠤᠮᠳᠠ ᠤᠷᠲᠦ ᠬᠤᠭᠤᠴᠠᠭ᠎ᠠ ᠪᠡᠷ ᠦᠷᠭᠡᠨ ᠢᠶᠡᠷ ᠲᠡᠯᠭᠡᠷᠡᠭᠰᠡᠨ ᠪᠦᠵᠢᠭ ᠶᠤᠮ᠃ ᠰᠠᠪᠬᠠᠨ ᠪᠦᠵᠢᠭ ᠤᠨ ᠶᠠᠡᠭᠵᠦ ᠬᠡᠯᠪᠡᠷᠢ ᠨᠢ᠄ ᠨᠠᠶᠢᠷᠠᠯ ᠲᠠᠭᠤᠤ᠂ ᠬᠦᠭᠵᠢᠮ᠂ ᠪᠦᠵᠢᠭ ᠭᠤᠷᠪᠠ ᠶᠢᠨ ᠨᠠᠶᠢᠯᠡᠮᠡᠯ ᠬᠡᠯᠪᠡᠷᠢ ᠪᠤᠯᠤᠨ᠎ᠠ᠃ ᠡᠨᠡ ᠨᠢ ᠰᠠᠪᠬᠠᠨ ᠪᠦᠵᠢᠭ ᠤᠨ ᠬᠠᠮᠤᠬ ᠤᠨ ᠠᠡᠭᠬᠠᠨ ᠤ ᠬᠡᠯᠪᠡᠷᠢ ᠮᠦᠨ᠃ ᠤᠯᠠᠨ ᠬᠦᠮᠦᠨ ᠨᠠᠶᠢᠷ ᠨᠠᠭᠠᠳᠤᠮ ᠲᠡᠭᠡᠷ᠎ᠡ ᠬᠠᠮᠳᠦ ᠪᠡᠷ ᠴᠡᠡᠭᠭᠡᠯᠳᠦᠬᠦ ᠳ᠋ᠡᠭᠡᠨᠰᠠᠪᠬᠠᠨ ᠪᠦᠵᠢᠭ ᠪᠦᠵᠢᠭᠯᠡᠳᠡᠭ᠃

ᠬᠤᠶᠠᠷ᠂ᠰᠠᠪᠬᠠᠨ ᠪᠦᠵᠢᠭ ᠤᠨ ᠦᠨᠳᠦᠰᠦᠨ ᠬᠦᠳᠡᠯᠭᠡᠭᠡᠨ

 ᠰᠠᠪᠬᠠᠨ ᠪᠦᠵᠢᠭ ᠤᠨ ᠠᠡᠭᠬᠠᠨ ᠤ ᠬᠦᠳᠡᠯᠭᠡᠭᠡᠨ ᠨᠢ᠄ ᠪᠠᠷᠠᠭᠤᠨ ᠭᠠᠷ ᠲᠠᠭᠠᠨ ᠰᠠᠪᠬ᠎ᠠ ᠠᠳᠬᠤᠵᠦ᠂ ᠴᠡᠭᠡᠵᠢᠨ ᠤ ᠪᠠᠨ ᠡᠮᠦᠨ᠎ᠡ ᠲᠠᠯ᠎ᠠ ᠳ᠋ᠦ ᠵᠡᠭᠦᠨ ᠭᠠᠷ ᠤᠨ ᠠᠯᠠᠭ᠎ᠠ ᠪᠡᠷ ᠲᠡᠯᠡᠳᠴᠦ᠂ ᠲᠠᠬᠢᠨ ᠪᠠᠷᠠᠭᠤᠨ ᠭᠠᠷ ᠢᠶᠡᠨ ᠲᠡᠭᠡᠭᠰᠢ ᠡᠷᠭᠦᠨ᠂ ᠰᠠᠪᠬ᠎ᠠ ᠪᠡᠷ ᠢᠶᠡᠨ ᠵᠡᠭᠦᠨ ᠡᠪᠦᠳᠦᠭ ᠢᠶᠡᠨ ᠴᠤᠬᠢᠵᠦ ᠠᠪᠤᠭᠠᠳ ᠴᠡᠭᠡᠵᠢᠨ ᠤ ᠪᠠᠨ ᠡᠮᠦᠨ᠎ᠡ ᠬᠤᠶᠠᠷ ᠭᠠᠷ ᠢᠶᠡᠷ ᠢᠶᠡᠨ ᠡᠭᠡᠯᠵᠢᠯᠡᠨ ᠲᠡᠯᠡᠳᠴᠦ᠂ ᠵᠡᠭᠦᠨ ᠭᠠᠷ ᠢᠶᠡᠨ ᠳᠤᠷᠤᠬᠰᠢ ᠪᠠᠭᠤᠯᠭᠠᠨ᠂ ᠰᠠᠪᠬ᠎ᠠ ᠲᠠᠢ ᠭᠠᠷ ᠢᠶᠡᠨ ᠲᠡᠭᠡᠭᠰᠢ ᠡᠷᠭᠦᠨ ᠵᠡᠭᠦᠨ ᠮᠦᠷᠦ ᠪᠡᠨ ᠴᠤᠬᠢᠵᠦ ᠠᠪᠤᠭᠠᠳ᠂ ᠬᠤᠶᠠᠷ ᠭᠠᠷ ᠢᠶᠡᠷ ᠢᠶᠡᠨ ᠴᠡᠭᠡᠵᠢᠨ ᠤ ᠪᠠᠨ ᠡᠮᠦᠨ᠎ᠡ ᠮᠦᠷᠭᠦᠯᠳᠦᠭᠦᠯᠵᠦ᠂ ᠳᠠᠬᠢᠭᠠᠳ ᠰᠠᠪᠬ᠎ᠠ ᠲᠠᠢ ᠭᠠᠷ ᠢᠶᠡᠷ ᠢᠶᠡᠨ ᠪᠠᠷᠠᠭᠤᠨ ᠡᠪᠦᠳᠦᠭ᠂ ᠪᠠᠷᠠᠭᠤᠨ ᠮᠦᠷᠦ ᠪᠡᠨ ᠲᠡᠯᠡᠳᠦᠨ᠎ᠡ᠃ ᠡᠨᠡ ᠪᠤᠯ ᠦᠷᠦᠭᠡᠰᠦᠨ ᠭᠠᠷ ᠲᠠᠭᠠᠨ ᠰᠠᠪᠬ᠎ᠠ ᠪᠠᠷᠢᠵᠦ ᠬᠢᠬᠦ ᠬᠦᠳᠡᠯᠭᠡᠭᠡᠨ ᠪᠤᠯᠤᠨ᠎ᠠ᠃ ᠬᠤᠶᠠᠷ ᠭᠠᠷ ᠲᠠᠭᠠᠨ ᠰᠠᠪᠬ᠎ᠠ ᠠᠳᠬᠤᠵᠦ ᠬᠢᠬᠦ ᠬᠦᠳᠡᠯᠭᠡᠭᠡᠨ ᠪᠤᠯ ᠡᠭᠦᠨ ᠲᠠᠢ ᠠᠳᠠᠯᠢᠪᠲᠤᠷ ᠪᠠᠶᠢᠵᠦ᠂ ᠬᠤᠶᠠᠷ ᠭᠠᠷ ᠲᠡᠬᠢ ᠰᠠᠪᠬ᠎ᠠ ᠪᠠᠨ ᠡᠭᠡᠯᠵᠢᠯᠡᠨ ᠴᠤᠬᠢᠵᠦ᠂ ᠳᠦᠷᠪᠡ ᠤᠳᠠᠭ᠎ᠠ ᠳᠠᠪᠳᠠᠲᠠᠬ᠃

ᠭᠤᠷᠪᠠ᠂ ᠭᠤᠴᠤᠯᠠᠯ ᠰᠠᠪᠬᠠᠨ ᠪᠦᠵᠢᠭ ᠤᠨ ᠤᠨᠴᠠᠯᠢᠬ

 ᠡᠨᠡ ᠨᠢ ᠷ·ᠭᠠᠨᠵᠤᠤᠷᠵᠠᠪ ᠤᠨ ᠵᠤᠭᠢᠶᠠᠨ ᠲᠤᠬᠯᠠᠬᠰᠠᠨ ᠪᠦᠵᠢᠭ ᠪᠤᠯᠤᠨ᠎ᠠ᠂ ᠪᠦᠵᠢᠭ ᠲᠦ ᠤᠷᠳᠤᠰ ᠤᠨ ᠰᠤᠬᠲᠤᠭᠤ ᠡᠪᠦᠭᠡᠨ ᠤ ᠬᠦᠭᠡᠷᠦᠬᠦᠨ ᠱᠤᠬᠲᠠᠢ ᠲᠦᠷᠢ ᠲᠦᠷᠬᠦ ᠶᠢ ᠰᠠᠪᠬ᠎ᠠ ᠪᠡᠷ ᠢᠶᠡᠨ ᠲᠠᠭᠤᠤ ᠬᠦᠭᠵᠢᠮ ᠤᠨ ᠴᠤᠬᠢᠯᠭ᠎ᠠ ᠳ᠋ᠤᠨᠢ ᠴᠢᠮᠪᠠᠢ ᠴᠡᠪᠡᠷᠬᠡᠨ ᠵᠤᠬᠢᠴᠠᠭᠤᠯᠤᠨ ᠴᠤᠬᠢᠵᠦ ᠪᠦᠵᠢᠭᠯᠡᠵᠦ ᠢᠯᠡᠳᠭᠡᠭᠰᠡᠨ ᠪᠦᠵᠢᠭ ᠪᠤᠯᠤᠨ᠎ᠠ᠃ ᠲᠤᠰ ᠪᠦᠵᠢᠭ ᠤᠨ ᠠᠶᠠᠯᠭᠤ ᠶᠢ ᠮᠢᠡᠭᠲ᠋ᠠᠢ ᠤᠷᠳᠤᠰ ᠤᠨ ᠠᠷᠠᠳ ᠤᠨ ᠲᠠᠭᠤᠤ ᠶᠢᠨ ᠠᠶᠠᠯᠭᠤ ᠶᠢ ᠦᠨᠳᠦᠰᠦᠯᠡᠨ ᠪᠦᠵᠢᠭ ᠤᠨ ᠠᠶᠠᠯᠭᠤ ᠪᠤᠯᠭᠠᠬᠰᠠᠨ ᠶᠤᠮ᠃ ᠡᠨᠡ ᠬᠦ ᠭᠤᠴᠤᠯᠠᠯᠰᠠᠪᠬᠠᠨ ᠪᠦᠵᠢᠭ ᠨᠢ ᠪᠠᠰᠠ ᠴᠦ ᠠᠡᠭᠬ᠎ᠠ ᠤᠳᠠᠭ᠎ᠠ ᠶᠢᠨ ᠲᠠᠶᠢᠰᠠᠨ ᠤ ᠤᠷᠠᠯᠢᠬ ᠶᠤᠮ᠃

ᠳᠦᠷᠪᠡ᠂ ᠰᠠᠪᠬᠠᠨ ᠪᠦᠵᠢᠭ ᠤᠨ ᠲᠠᠭᠤᠤ ᠬᠦᠭᠵᠢᠮ

ᠰᠠᠪᠬᠠᠨ ᠪᠦᠵᠢᠭ ᠤᠨ ᠤᠷᠠᠨ ᠰᠠᠶᠢᠬᠠᠨ ᠨᠢ ᠠᠶ᠎ᠠ ᠲᠠᠭᠤᠤ ᠳ᠋ᠠᠭᠠᠨ ᠪᠠᠶᠢᠳᠠᠬ᠂ ᠰᠠᠪᠬᠠᠨ ᠪᠦᠵᠢᠭ ᠤᠨ ᠤᠨᠴᠠᠯᠢᠬ ᠨᠢ ᠲᠠᠭᠤᠤ ᠶᠢᠨ ᠦᠭᠡ ᠪᠠ ᠬᠦᠭᠵᠢᠮ ᠤᠨ ᠠᠶᠠᠰ ᠲᠤᠨᠢ ᠪᠠᠶᠢᠳᠠᠬ᠃

ᠲᠠᠪᠤ᠂ ᠰᠠᠪᠬᠠᠨ ᠪᠦᠵᠢᠭ ᠤᠨ ᠭᠤᠸ᠎ᠠ ᠰᠠᠶᠢᠬᠠᠨ

 ᠤᠷᠳᠤᠰ ᠮᠤᠡᠭᠭᠤᠯᠴᠤᠳ ᠤᠨ ᠬᠡᠯᠡ ᠬᠡᠯᠡᠯᠭᠡ᠂ ᠲᠠᠭᠤᠤ ᠶᠢᠨ ᠠᠶᠠᠯᠭᠤ ᠶᠢᠨ ᠭᠤᠸ᠎ᠠ ᠰᠠᠶᠢᠬᠠᠨ ᠨᠢ ᠲᠤᠰ ᠤᠷᠤᠨ ᠤ ᠤᠨᠴᠠᠯᠢᠬ ᠲᠦ ᠪᠤᠢ᠃ ᠰᠠᠪᠬᠠᠨ ᠪᠦᠵᠢᠭ ᠪᠤᠯ ᠤᠷᠳᠤᠰ ᠨᠤᠳᠤᠬ ᠡᠴᠡ ᠭᠠᠷᠤᠯᠲᠠᠢ ᠲᠤᠯᠠ᠂ ᠵᠠᠪᠠᠯ ᠡᠨᠡ ᠬᠦ ᠨᠤᠳᠤᠬ ᠤᠨ ᠤᠨᠴᠠᠯᠢᠬ ᠢ ᠬᠠᠳᠠᠭᠠᠯᠠᠬᠰᠠᠨ ᠪᠠᠶᠢᠬᠤ ᠬᠡᠷᠡᠭᠲᠡᠢ᠂ ᠬᠡᠷᠪᠡ ᠰᠠᠪᠬᠠᠨ ᠪᠦᠵᠢᠭ ᠢ ᠤᠷᠳᠤᠰ ᠨᠤᠳᠤᠬ ᠤᠨ ᠤᠨᠴᠠᠯᠢᠬ ᠡᠴᠡ ᠨᠢ ᠰᠠᠯᠭᠠᠬᠤ ᠳ᠋ᠦ ᠬᠦᠷᠪᠡᠯ᠂ ᠰᠠᠪᠬᠠᠨ ᠪᠦᠵᠢᠭ ᠢ ᠦᠭᠡᠶᠢᠬᠢᠭᠰᠡᠨ ᠶᠠᠪᠤᠳᠠᠯ ᠪᠤᠯᠤᠨ᠎ᠠ᠃ ᠡᠨᠡ ᠬᠦ ᠰᠠᠪᠬᠠᠨ ᠪᠦᠵᠢᠭ ᠤᠨ ᠤᠷᠠᠨ ᠪᠦᠳᠦᠭᠡᠯ ᠳᠤᠲᠤᠷ᠎ᠠ ᠦᠨᠳᠦᠰᠦᠲᠡᠨ ᠤ ᠦᠵᠡᠯ ᠰᠠᠨᠠᠭ᠎ᠠ᠂ ᠭᠤᠸ᠎ᠠ ᠵᠦᠢ᠂ ᠤᠷᠠᠯᠢᠬ ᠪᠠ ᠬᠡᠪ ᠨᠠᠮᠪᠠ ᠬᠠᠳᠠᠭᠠᠯᠠᠬᠳᠠᠵᠦ ᠪᠠᠶᠢᠳᠠᠬ᠃ ᠰᠠᠪᠬᠠᠨ ᠪᠦᠵᠢᠭ ᠤᠨ ᠬᠦᠳᠡᠯᠭᠡᠭᠡᠨ ᠳ᠋ᠦ ᠂ ᠢᠯᠡᠷᠡᠵᠦ ᠪᠠᠶᠢᠭ᠎ᠠ ᠭᠤᠸ᠎ᠠ ᠰᠠᠶᠢᠬᠠᠨ ᠨᠢ ᠨᠢᠭᠡ ᠤᠷᠤᠨ ᠨᠤᠳᠤᠬ ᠤᠨ ᠰᠤᠶᠤᠯ ᠤᠨ ᠲᠦᠪᠰᠢᠨ ᠤ ᠰᠢᠨᠵᠢ ᠲᠡᠮᠳᠡᠭ ᠪᠤᠯᠤᠨ᠎ᠠ᠃ ᠷ·ᠭᠠᠨᠵᠤᠤᠷᠵᠠᠪ ᠤᠨ ᠵᠤᠭᠢᠶᠠᠬᠰᠠᠨ ᠰᠠᠪᠬᠠᠨ ᠪᠦᠵᠢᠭ ᠲᠦ ᠳᠡᠭᠡᠳᠦ ᠬᠡᠮᠵᠢᠶᠡᠨ ᠤ ᠭᠤᠸ᠎ᠠ ᠰᠠᠶᠢᠬᠠᠨ ᠤ ᠡᠯᠧᠮᠧᠨ᠋ᠲ ᠠᠬᠤᠭᠤᠯᠤᠬᠳᠠᠵᠦ ᠪᠠᠶᠢᠳᠠᠬ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ