ᠠᠨᠳᠠᠢ ᠭᠡᠬᠦ ᠲᠠᠭᠤᠤ ᠪᠦᠵᠢᠭ ᠪᠤᠯ ᠮᠤᠡᠭᠭᠤᠯᠴᠤᠳ ᠤᠨ ᠤᠯᠠᠮᠵᠢᠯᠠᠯᠲᠦ ᠲᠠᠭᠤᠤ ᠪᠦᠵᠢᠭ ᠤᠨ ᠤᠷᠠᠯᠢᠬ ᠤᠨ ᠬᠦᠭᠵᠢᠯ ᠳ᠋ᠡᠬᠢ ᠴᠢᠬᠤᠯᠠ ᠨᠢᠭᠡ ᠰᠠᠯᠪᠤᠷᠢ ᠰᠤᠳᠠᠰᠤᠨ ᠮᠦᠨ ᠪᠦᠭᠡᠳ ᠨᠤᠳᠤᠬ ᠤᠷᠤᠨ ᠤ ᠰᠢᠨᠵᠢ ᠪᠦᠬᠦᠢ ᠰᠤᠶᠤᠯ ᠤᠨ ᠤᠨᠴᠠᠭᠠᠢ ᠨᠢᠭᠡᠨ ᠦᠵᠡᠭᠳᠡᠯ ᠭᠡᠯᠲᠡᠢ ᠶᠤᠮ᠃ ᠠᠨᠳᠠᠢ ᠶᠢ ᠰᠤᠶᠤᠯ ᠤᠨ ᠬᠠᠷᠠᠭᠠᠰᠦ ᠡᠴᠡ ᠰᠤᠳᠤᠯᠬᠤ ᠭᠡᠪᠡᠯ᠂ ᠠᠷᠠᠳ ᠤᠨ ᠳᠤᠮᠳᠠ ᠤᠷᠲᠦ ᠬᠤᠭᠤᠴᠠᠭ᠎ᠠ ᠪᠡᠷ ᠤᠯᠠᠮᠵᠢᠯᠠᠬᠳᠠᠨ᠂ ᠮᠤᠡᠭᠭᠤᠯ ᠤᠨ ᠦᠢ ᠲᠦᠮᠡᠨ ᠬᠦᠳᠡᠯᠮᠦᠷᠢᠴᠢᠨ ᠠᠷᠠᠳ ᠲᠦᠮᠡᠨ ᠤ ᠵᠤᠭ᠎ᠠ ᠰᠤᠨᠢᠷᠬᠠᠯ ᠪᠤᠯᠭᠠᠨ ᠦᠪᠯᠡᠵᠦ ᠪᠠᠶᠢᠭ᠎ᠠ ᠠᠮᠢᠳᠤ ᠪᠠᠶᠠᠯᠢᠬ ᠲᠠᠭᠤᠤ ᠪᠦᠵᠢᠭ ᠤᠨ ᠤᠷᠠᠯᠢᠬ ᠲᠦ ᠬᠡᠭᠡᠷ᠎ᠡ ᠶᠢᠨ ᠪᠠᠶᠢᠴᠠᠭᠠᠯᠲᠠ ᠬᠢᠬᠦ ᠨᠢ ᠳᠤᠲᠠᠬᠳᠠᠵᠦ ᠦᠯᠦ ᠪᠤᠯᠬᠤ ᠰᠠᠭᠤᠷᠢ ᠨᠦᠭᠦᠴᠡᠯ ᠪᠤᠯᠳᠠᠬ ᠭᠡᠳᠡᠭ ᠢ ᠮᠡᠳᠡᠷᠡᠭᠦᠰᠢᠲᠡᠢ ᠶᠤᠮ᠃
ᠤᠨᠴᠠᠭᠠᠢ ᠰᠤᠶᠤᠯ ᠨᠢ ᠤᠨᠴᠠᠭᠠᠢ ᠠᠮᠢ ᠠᠬᠤᠢ ᠶᠢᠨ ᠤᠷᠴᠢᠨ ᠡᠴᠡ ᠤᠯᠪᠠᠭᠠᠯᠠᠵᠦ᠂ ᠤᠨᠴᠠᠭᠠᠢ ᠰᠤᠶᠤᠯ ᠰᠡᠳᠭᠢᠴᠡ ᠨᠢ ᠤᠨᠴᠠᠭᠠᠢ ᠠᠵᠦ ᠠᠬᠤᠢ ᠶᠢᠨ ᠬᠡᠯᠪᠡᠷᠢ ᠡᠴᠡ ᠤᠯᠪᠠᠭᠠᠯᠠᠵᠦ᠂ ᠠᠳᠠᠯᠢ ᠪᠤᠰᠤ ᠪᠦᠵᠢᠭ ᠤᠨ ᠬᠡᠪ ᠨᠠᠮᠪᠠ ᠶᠢ ᠤᠨᠴᠠᠭᠠᠢ ᠰᠤᠶᠤᠯ ᠤᠨ ᠡᠬᠢ ᠰᠤᠷᠪᠤᠯᠵᠢ ᠲᠦᠯᠦᠪᠰᠢᠷᠡᠳᠡᠭ᠃ ᠡᠨᠡ ᠪᠤᠯ ᠠᠨᠳᠠᠢ ᠶᠢᠨ ᠡᠭᠦᠰᠦᠯᠳᠡ ᠶᠢᠨ ᠤᠷᠢᠳᠠᠯ ᠤᠨ ᠰᠢᠨᠵᠢ ᠲᠠᠢ ᠬᠦᠮᠦᠨ ᠵᠦᠢᠯ ᠪᠤᠯᠤᠨ᠎ᠠ᠃
ᠠᠨᠳᠠᠢ ᠶᠢᠨ ᠡᠭᠦᠰᠦᠯ ᠤᠨ ᠳᠤᠮᠤᠬ᠄
ᠡᠨᠡ ᠲᠤᠬᠠᠢ ᠬᠦᠷᠢᠶ᠎ᠡ ᠬᠤᠰᠢᠭᠤ᠂ ᠮᠤᠡᠭᠭᠤᠯᠵᠢᠨ ᠬᠤᠰᠢᠭᠤ᠂ ᠭᠤᠷᠯᠤᠰ ᠬᠤᠰᠢᠭᠤ᠂ ᠲᠠᠷᠬᠠᠨ ᠬᠤᠰᠢᠭᠤ᠂ ᠠᠷᠤ ᠬᠠᠯᠬ᠎ᠠ ᠵᠡᠷᠭᠡ ᠡᠴᠡ ᠡᠭᠦᠰᠦᠯ᠎ᠡ ᠭᠡᠳᠡᠭ ᠳᠤᠮᠤᠬ ᠪᠦᠷ ᠪᠤᠢ᠃ ᠭᠡᠪᠡᠴᠦ ᠬᠦᠷᠢᠶ᠎ᠡ ᠬᠤᠰᠢᠭᠤ ᠡᠴᠡ ᠡᠭᠦᠰᠦᠯ᠎ᠡ ᠭᠡᠳᠡᠭ ᠲᠤᠮᠤ ᠭᠤᠤᠯ ᠪᠠᠶᠢᠷᠢ ᠶᠢ ᠡᠵᠡᠯᠡᠨ᠎ᠡ᠃ ᠳᠤᠮᠤᠬ ᠤᠳ ᠲᠦ ᠠᠨᠳᠠᠢ ᠲᠡᠭᠡᠭᠡᠭᠰᠡᠨ ᠲᠡᠷᠭᠡ ᠨᠢ ᠴᠦᠮ ᠢᠶᠡᠷ ᠢᠶᠡᠨ ᠬᠦᠷᠢᠶ᠎ᠡ ᠬᠤᠰᠢᠭᠤᠨ ᠳ᠋ᠦ ᠤᠡᠭᠬᠤᠯᠢᠳᠠᠬ ᠤᠨᠴᠠᠯᠢᠬ ᠲᠠᠢ᠃ ᠪᠠᠷᠤᠬ ︽ᠠᠨᠳᠠᠢ︾ ᠭᠡᠳᠡᠭ ᠨᠡᠷᠡᠶᠢᠳᠦᠯ ᠡᠨᠡ ᠦᠶᠡᠰ ᠡᠴᠡ ᠡᠬᠢᠯᠡᠵᠦ ᠪᠤᠢ ᠪᠤᠯᠵᠠᠢ ᠭᠡᠳᠡᠭ᠃
ᠠᠨᠳᠠᠢ ᠭᠡᠳᠡᠭ ᠦᠭᠡ ᠶᠢᠨ ᠤᠳᠬ᠎ᠠ᠄
ᠤᠯᠠᠡᠭᠬᠢ ᠡᠷᠳᠡᠮᠳᠡᠳ ︽ᠡᠪᠡᠳᠴᠢᠨ ᠤ ᠨᠡᠷ᠎ᠡ︾ ᠭᠡᠳᠡᠭ᠃ ᠭᠡᠬᠦ ᠳ᠋ᠡᠭᠡᠨ ᠵᠠᠯᠠᠭᠤ ᠦᠬᠢᠨ᠂ ᠵᠠᠯᠠᠭᠤ ᠪᠡᠷᠢᠶᠡᠳ ᠲᠦ ᠬᠠᠶᠠ ᠳᠤᠬᠢᠶᠠᠯᠳᠤᠳᠠᠬ ᠬᠦᠢᠳᠡᠨ ᠡᠪᠡᠳᠴᠢᠨ ᠪᠤᠶᠤ ᠰᠡᠳᠭᠢᠯ ᠤᠨ ᠡᠪᠡᠳᠴᠢᠨ ᠭᠡᠨ᠎ᠡ᠃ ᠮᠦᠨ ᠬᠡᠯᠡ ᠪᠢᠴᠢᠭ ᠵᠦᠢ ᠡᠴᠡ ᠬᠠᠷᠠᠭᠠᠯᠠᠵᠦ᠄ ᠠᠨᠳᠠ- ᠠᠨᠳᠠᠢ ᠶᠢᠨ ᠤᠯᠠᠷᠢᠯ ᠢᠶᠡᠷ ᠦᠵᠡᠵᠦ᠂ ᠠᠨᠳᠠ ᠨᠠᠶᠢᠵᠠ ᠶᠢᠨ ᠤᠴᠢᠷ ᠲᠠᠢ ᠬᠤᠯᠪᠤᠬᠳᠠᠬᠤ ᠡᠪᠡᠳᠴᠢᠨ ᠭᠡᠪᠡ᠃ ᠦᠨᠡᠨ ᠳ᠋ᠡᠭᠡᠨ ᠪᠡᠷᠭᠡᠨ-ᠪᠡᠷᠭᠡᠢ︔ ᠠᠯᠳᠠ - ᠠᠯᠲᠠᠢ︔ ᠠᠭ᠎ᠠ - ᠠᠭᠠᠢ᠁ ᠮᠡᠳᠦ ᠶᠢᠨ ᠬᠡᠯᠡᠨ ᠤ ᠦᠵᠡᠭᠳᠡᠯ ᠢᠶᠡᠷ ᠮᠦᠷᠳᠡᠪᠡᠯ ︽ᠠᠨᠳᠠᠢ︾ᠨᠢ ᠠᠨᠳᠠ ᠶᠢᠨ ᠤᠯᠪᠠᠷᠢᠯ ᠪᠠᠶᠢᠳᠠᠬ ᠨᠢ ᠵᠦᠢ ᠳ᠋ᠦ ᠨᠡᠶᠢᠴᠡᠨ᠎ᠡ᠃ ᠤᠶᠢᠷᠠᠳ ᠮᠤᠡᠭᠭᠤᠯ ᠳ᠋ᠦ᠂ ᠬᠤᠷᠠᠭ᠎ᠠ ᠢᠰᠢᠭᠡ ᠭᠠᠵᠠᠷ ᠬᠦᠯᠪᠡᠷᠢᠵᠦ ᠲᠦᠷᠪᠡᠨ ᠮᠦᠴᠢ ᠨᠢ ᠲᠠᠳᠠᠯᠳᠤᠨ ᠲᠡᠶᠢᠴᠢᠯᠡᠬᠦ ᠭᠡᠮ ᠢ ︽ᠠᠨᠳᠠᠢ ᠲᠤᠰᠤᠯ᠎ᠠ︾ᠭᠡᠳᠡᠭ᠃ ᠵᠡᠭᠦᠨ ᠮᠤᠡᠭᠭᠤᠯ ᠳ᠋ᠦ ᠪᠤᠯ ︽ᠭᠠᠵᠠᠷ ᠤᠨ ᠬᠦᠷᠦᠰᠦ ᠲᠠᠭᠠᠷᠢᠯᠠ︾ ᠭᠡᠵᠦ ᠬᠡᠯᠡᠬᠦ ᠪᠦᠭᠡᠳ ᠭᠠᠯ ᠲᠠᠯᠪᠢᠵᠦ ᠤᠳᠤᠭ᠎ᠠ ᠦᠨᠦᠷᠳᠦᠭᠦᠯᠵᠦ ᠵᠠᠰᠠᠳᠠᠬ᠃ ᠢᠡᠭᠭᠢᠭᠡᠳ ᠦᠵᠡᠬᠦ ᠳ᠋ᠦ ᠠᠨᠳᠠᠢ ᠪᠤᠯ ᠡᠪᠡᠳᠴᠢᠨ ᠤ ᠨᠡᠷ᠎ᠡ ᠪᠠᠶᠢᠵᠦ ᠲᠠᠭᠠᠷᠠᠨ᠎ᠠ᠃
ᠠᠨᠳᠠᠢ ᠶᠢᠨ ᠲᠡᠤᠬᠡᠨ ᠬᠦᠭᠵᠢᠯ᠄
ᠠᠨᠳᠠᠢ ᠪᠤᠯ ᠮᠤᠡᠭᠭᠤᠯᠴᠤᠳ ᠪᠤᠯᠤᠨ ᠤᠮᠠᠷᠠᠳᠦ ᠶᠢᠨ ᠦᠨᠳᠦᠰᠦᠲᠡᠨ ᠤ ᠤᠵᠠᠭᠤᠷ ᠰᠤᠶᠤᠯ ᠤᠬᠠᠮᠰᠠᠷ ᠤᠨ ᠬᠦᠷᠦᠰᠦᠨ ᠲᠡᠭᠡᠷ᠎ᠡ ᠠᠶᠠᠨᠳᠠᠭᠠᠨ ᠨᠠᠬᠢᠶᠠᠯᠠᠨ ᠤᠷᠭᠤᠵᠦ ᠭᠠᠷᠤᠬᠰᠠᠨ ᠰᠤᠶᠤᠯ ᠤᠨ ᠦᠵᠡᠭᠳᠡᠯ ᠮᠦᠨ᠃ ᠲᠡᠷᠡ ᠤᠵᠠᠭᠤᠷ ᠢᠷᠭᠡᠳ ᠤᠨ ᠰᠢᠳᠦᠯᠭᠡ ᠪᠢᠰᠢᠷᠡᠯ ᠤᠨ ᠤᠬᠠᠮᠰᠠᠷ᠂ ᠲᠠᠭᠤᠯᠠᠵᠦ ᠲᠡᠪᠰᠡᠬᠦ ᠤᠷᠠᠯᠢᠬ ᠤᠨ ᠰᠠᠭᠤᠷᠢᠨ ᠳ᠋ᠦ ᠦᠨᠳᠦᠰᠦᠯᠡᠵᠦ᠂ ᠠᠯᠭᠤᠷ ᠢᠶᠡᠷ ᠪᠡᠶ᠎ᠡ ᠪᠡᠨ ᠲᠠᠭᠠᠭᠠᠬᠰᠠᠨ ᠠᠨᠳᠠᠢ ᠭᠡᠬᠦ ᠬᠡᠯᠪᠡᠷᠢ ᠪᠡᠷ ᠰᠢᠨ᠎ᠡ ᠬᠦᠭᠵᠢᠯ ᠤᠨ ᠵᠠᠮ ᠢᠶᠡᠨ ᠨᠡᠭᠡᠭᠡᠵᠡᠢ᠃ ᠪᠠᠷᠤᠬ 17 ᠳ᠋ᠤᠭᠠᠷ ᠵᠠᠭᠤᠨ ᠡᠴᠡ ᠢᠨᠠᠬᠰᠢ ᠬᠤᠶᠠᠳᠤᠭᠠᠷ ᠬᠦᠭᠵᠢᠯ ᠤᠨ ᠱᠠᠳᠤᠨ ᠳ᠋ᠠᠭᠠᠨ ᠳᠠᠪᠰᠢᠨ ᠤᠷᠤᠵᠦ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ ᠪᠡᠷ ᠤᠷᠤᠰᠢᠨ ᠲᠤᠬᠳᠠᠨᠢᠵᠦ᠂ ᠭᠤᠤᠯᠳᠠᠭᠤ ᠵᠠᠯᠠᠭᠤ ᠡᠮᠡᠭᠲᠡᠢ ︽ᠦᠬᠢᠳ ᠪᠡᠷᠢᠶᠡᠳ︾ᠡᠪᠡᠳᠴᠢᠲᠡᠨ ᠤ ᠬᠦᠢᠳᠡᠨ ᠡᠪᠡᠳᠴᠢᠨ ᠪᠤᠶᠤ ᠰᠡᠳᠭᠢᠯ ᠤᠨ ᠡᠪᠡᠳᠴᠢᠨ ᠢ ᠵᠠᠰᠠᠬᠤ ᠪᠡᠷ ᠤᠨᠴᠠᠯᠢᠬ ᠢᠶᠡᠨ ᠪᠤᠯᠭᠠᠬᠰᠠᠨ ᠤᠯᠠᠨ ᠲᠦᠮᠡᠨᠴᠢ ᠴᠢᠨᠠᠷᠲᠠᠢ ᠲᠠᠭᠤᠤ ᠪᠦᠵᠢᠭ᠂ ᠰᠤᠶᠤᠯ ᠤᠷᠠᠯᠢᠬ ᠪᠤᠯᠵᠦ ᠬᠦᠭᠵᠢᠵᠡᠢ᠃ 1956 ᠤᠨ ᠡᠴᠡ ᠡᠬᠢᠯᠡᠵᠦ ︽ᠡᠷᠳᠡᠨ ᠤ ᠬᠢ ᠶᠢ ᠡᠳᠦᠭᠡ ᠳ᠋ᠦ ᠦᠢᠯᠡᠴᠢᠯᠡᠭᠦᠯᠬᠦ︾ ᠵᠤᠷᠢᠯᠳᠠ ᠡᠴᠡ ᠡᠭᠦᠰᠴᠦ᠂ ᠬᠠᠭᠤᠴᠢᠨ ᠬᠡᠯᠪᠡᠷᠢ ᠪᠤᠯᠤᠨ ᠠᠭᠤᠯᠭ᠎ᠠ ᠳ᠋ᠤᠨᠢ ᠰᠢᠨ᠎ᠡ ᠵᠠᠰᠠᠯᠲᠠ ᠤᠷᠤᠭᠤᠯᠵᠦ ᠠᠷᠠᠳ ᠤᠨ ᠲᠠᠭᠤᠤ ᠪᠦᠵᠢᠭ ᠤᠨ ᠤᠷᠠᠯᠢᠬ ᠲᠡᠶᠢᠰᠢ ᠵᠢᠯᠤᠭᠤ ᠶᠢ ᠨᠢ ᠵᠠᠯᠠᠪᠠ᠃ ᠡᠭᠦᠨ ᠢ ᠬᠦᠮᠦᠰ ︽ᠰᠢᠨ᠎ᠡ ᠠᠨᠳᠠᠢ︾ᠭᠡᠳᠡᠭ᠃ ᠤᠳᠤ ᠰᠢᠨ᠎ᠡ ᠠᠨᠳᠠᠢ ᠬᠦᠭᠵᠢᠭᠡᠳ ᠲᠠᠭᠤᠤ᠂ ᠪᠦᠵᠢᠭ᠂ ᠰᠢᠯᠦᠭ᠂ ᠲᠤᠭᠤᠵᠢᠰ᠂ ᠵᠦᠴᠦᠭᠡ᠁ ᠭᠡᠬᠦ ᠮᠡᠳᠦ ᠪᠡᠷ ᠤᠷᠠᠯᠢᠬ ᠤᠨ ᠤᠠᠯᠨ ᠲᠦᠷᠦᠯ ᠵᠦᠢᠯ ᠵᠦᠭ ᠤᠯᠠᠷᠢᠨ ᠬᠦᠭᠵᠢᠵᠦ ᠪᠠᠶᠢᠨ᠎ᠠ᠃ ᠬᠦᠭᠰᠢᠨ ᠮᠤᠳᠤᠨ ᠡᠴᠡ ᠬᠦᠬᠡ ᠮᠦᠴᠢᠷ ᠰᠢᠭᠦᠷᠯᠡᠭᠰᠡᠨ ᠰᠢᠭ᠂ ᠬᠠᠭᠤᠴᠢᠨ ᠦᠪ ᠰᠤᠶᠤᠯ ᠡᠴᠡ ᠬᠦᠭᠵᠢᠯ ᠤᠨ ᠰᠢᠨ᠎ᠡ ᠠᠮᠢ ᠲᠦᠯᠵᠢᠵᠦ ᠮᠤᠡᠭᠭᠤᠯ ᠰᠤᠶᠤᠯ ᠤᠨ ᠮᠦᠡᠭᠬᠡ ᠱᠠᠡᠭᠰᠢ ᠪᠤᠯᠤᠯ᠎ᠠ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ