ᠨᠠᠶᠢᠷ ᠨᠠᠭᠠᠳᠤᠮ

ᠨᠡᠶᠢᠲᠡᠯᠡᠭᠰᠡᠨ ᠴᠠᠭ : 

2017-07-12 11:30:00

 ᠮᠤᠡᠭᠭᠤᠯᠴᠤᠳ ᠤᠨ ᠨᠠᠶᠢᠷ ᠨᠠᠭᠠᠳᠤᠮ ᠨᠢ ᠡᠷᠳᠡᠨ ᠤ ᠤᠪᠤᠬ ᠲᠦᠷᠦᠯ ᠤᠨ ᠦᠶ᠎ᠡ ᠳ᠋ᠦ ᠪᠤᠢ ᠪᠤᠯᠵᠦ᠂ ᠾᠦᠡᠭᠨᠦ ᠳ᠋ᠦᠡᠭᠬᠤ ᠶᠢᠨ ᠦᠶ᠎ᠡ ᠡᠴᠡ ᠲᠡᠤᠬᠡ ᠪᠢᠴᠢᠭ ᠲᠦ ᠲᠡᠮᠳᠡᠭᠯᠡᠨ᠂ ᠬᠢᠳᠠᠨ ᠤ ᠦᠶ᠎ᠡ ᠶᠢᠨ ᠬᠦᠭᠵᠢᠯᠲᠡ ᠶᠢ ᠲᠠᠮᠵᠢᠭᠠᠳ ᠮᠤᠡᠭᠭᠤᠯ ᠤᠨ ᠡᠵᠡᠨᠲᠦ ᠤᠯᠤᠰ ᠪᠠᠶᠢᠭᠤᠯᠤᠬᠳᠠᠬᠤ ᠶᠢᠨ ᠡᠮᠦᠨ᠎ᠡ ᠬᠦᠷᠬᠦ ᠳ᠋ᠦ ᠪᠦᠬᠡ ᠪᠠᠷᠢᠯᠳᠤᠬᠤ᠂ ᠰᠤᠷ ᠬᠠᠷᠪᠤᠬᠤ᠂ ᠮᠤᠷᠢ ᠤᠷᠤᠯᠳᠤᠬᠤ ᠨᠠᠭᠠᠳᠤᠮ ᠪᠤᠯᠤᠨ ᠪᠤᠰᠤᠳ ᠲᠦᠷᠦᠯ ᠤᠨ ᠨᠠᠭᠠᠳᠤᠮ ᠨᠢ ᠠᠡᠭᠬᠠᠨ ᠤ ᠦᠪᠡᠷᠮᠢᠴᠡ ᠳᠦᠷᠰᠦ ᠪᠠᠶᠢᠳᠠᠯ ᠲᠠᠢ ᠪᠤᠯᠤᠬᠰᠠᠨ ᠪᠠᠶᠢᠨ᠎ᠠ᠃ ᠭᠡᠪᠡᠴᠦ ᠲᠤᠬᠠᠢ ᠶᠢᠨ ᠦᠶ᠎ᠡ ᠳ᠋ᠦ ᠡᠳᠡᠭᠡᠷ ᠨᠠᠭᠠᠳᠤᠮ ᠨᠢ ᠶᠡᠬᠡ ᠲᠦᠯᠦᠪ ᠠᠰ ᠠᠰ ᠲᠠᠭᠠᠨ ᠬᠤᠷᠢᠮ ᠨᠠᠶᠢᠷ ᠲᠦ ᠲᠠᠭᠤᠤ ᠪᠦᠵᠢᠭ ᠵᠡᠷᠭᠡ ᠠᠭᠤᠯᠭ᠎ᠠ ᠲᠠᠢ ᠳᠠᠭᠠᠯᠳᠤᠨ ᠶᠠᠪᠤᠬᠳᠠᠳᠠᠬ ᠪᠠᠶᠢᠵᠠᠢ᠃ 1206 ᠤᠨ ᠳ᠋ᠦ ᠴᠢᠡᠭᠭᠢᠰ ᠬᠠᠭᠠᠨ ᠲᠠᠷᠬᠠᠢ ᠪᠤᠲᠠᠷᠬᠠᠢ ᠮᠤᠡᠭᠭᠤᠯ ᠠᠶᠢᠮᠠᠬ ᠤᠳ ᠢ ᠨᠢᠭᠡᠳᠭᠡᠭᠡᠳ ᠮᠤᠡᠭᠭᠤᠯ ᠤᠨ ᠡᠵᠡᠨᠲᠦ ᠲᠦᠷᠦ ᠮᠤᠡᠭᠭᠤᠯ ᠤᠯᠤᠰ ᠢ ᠪᠠᠶᠢᠭᠤᠯᠵᠠᠢ᠃ ᠲᠡᠭᠡᠭᠡᠳ ᠨᠢᠭᠡᠳᠦᠯᠲᠡᠢ ᠵᠠᠰᠠᠬ ᠵᠠᠬᠢᠷᠭᠠᠨ ᠢ ᠶᠠᠪᠤᠭᠤᠯᠵᠦ᠂ ᠲᠦᠮᠡ᠂ ᠮᠢᠡᠭᠭᠠᠨ᠂ ᠵᠠᠭᠤᠨ᠂ ᠠᠷᠪᠠᠨ ᠤ ᠴᠡᠷᠢᠭ ᠵᠠᠰᠠᠬ ᠤᠶᠠᠯᠳᠤᠬᠰᠠᠨ ᠵᠤᠬᠢᠶᠠᠨ ᠪᠠᠶᠢᠭᠤᠯᠤᠯᠲᠠ ᠶᠢᠨ ᠬᠡᠯᠪᠡᠷᠢ ᠪᠡᠷ ᠪᠦᠬᠦ ᠤᠯᠤᠰ ᠢ ᠰᠢᠰᠳᠧᠮᠴᠢᠯᠡᠨ ᠵᠠᠬᠢᠷᠴᠦ᠂ ᠡᠯ᠎ᠡ ᠠᠶᠢᠮᠠᠬ ᠲᠦᠷᠦᠯᠲᠡᠨ ᠪᠤᠯᠤᠨ ᠡᠯ᠎ᠡ ᠭᠠᠵᠠᠷ ᠤᠷᠤᠨ ᠤ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠨᠢᠬᠲᠠᠷᠠᠭᠤᠯᠤᠨ᠂ ᠰᠠᠮᠠᠭᠤᠨ ᠲᠠᠶᠢᠨ ᠳᠠᠵᠢᠨ ᠢ ᠤᠰᠠᠳᠬᠠᠵᠦ᠂ ᠦᠰᠦᠭ ᠪᠢᠴᠢᠭ ᠢᠶᠡᠷ ᠲᠡᠮᠳᠡᠭᠯᠡᠭᠰᠡᠨ ᠬᠠᠤᠯᠢ ᠴᠠᠭᠠᠵᠠ ᠶᠢ ᠨᠡᠶᠢᠳᠡᠯᠡᠨ᠂ ᠨᠡᠶᠢᠭᠡᠮ ᠤᠨ ᠲᠢᠭᠯᠢᠮ ᠶᠤᠰᠤ ᠶᠢ ᠴᠡᠭᠴᠡᠯᠡᠵᠦ᠂ ᠠᠵᠦ ᠠᠬᠤᠢ ᠶᠢ ᠲᠦᠷᠭᠡᠨ ᠢᠶᠡᠷ ᠰᠡᠷᠭᠦᠭᠡᠨ ᠬᠦᠭᠵᠢᠭᠦᠯᠦᠭᠰᠡᠨ ᠪᠠᠶᠢᠨ᠎ᠠ᠃ 《ᠮᠤᠡᠭᠭᠤᠯ ᠤᠨ ᠨᠢᠭᠤᠴᠠ ᠲᠤᠪᠴᠢᠶᠠᠨ》᠂ 《ᠶᠤᠧᠠᠨ ᠤᠯᠤᠰ ᠤᠨ ᠲᠡᠤᠬᠡ》ᠪᠠ 《ᠮᠤᠡᠭᠭᠤᠯ- ᠲᠠᠲ᠋ᠠᠷ ᠤᠨ ᠲᠤᠬᠠᠢ ᠪᠦᠷᠢᠨ ᠲᠡᠮᠳᠡᠭᠯᠡᠯ》᠂ 《ᠮᠠᠷᠺᠤ· ᠫᠤᠯᠤ ᠶᠢᠨ ᠵᠢᠭᠤᠯᠴᠢᠯᠠᠯ ᠤᠨ ᠲᠡᠮᠳᠡᠭᠯᠡᠯ 》᠂ 《ᠳ᠋ᠤᠰᠲᠤᠨ ᠤ ᠮᠤᠡᠭᠭᠤᠯ ᠲᠡᠤᠬᠡ》 ᠪᠤᠯᠤᠨ 《ᠷᠦᠪᠷᠦᠢᠢᠡ᠋ ᠤᠨ ᠠᠶᠠᠯᠠᠯ ᠤᠨ ᠲᠡᠮᠳᠡᠭᠯᠡᠯ》ᠵᠡᠷᠭᠡ ᠰᠤᠷᠪᠤᠯᠵᠢ ᠪᠢᠴᠢᠭ ᠮᠠᠲ᠋ᠧᠷᠢᠶᠠᠯ ᠳ᠋ᠦ ᠲᠡᠮᠳᠡᠭᠯᠡᠭᠰᠡᠨ ᠢᠶᠡᠷ ᠪᠤᠯ᠂ ᠲᠡᠷᠡ ᠦᠶ᠎ᠡ ᠳ᠋ᠦ ᠮᠤᠡᠭᠭᠤᠯᠴᠤᠳ ᠤᠨ ᠰᠤᠶᠤᠯ ᠠᠮᠢᠳᠤᠷᠠᠯ ᠤᠯᠠᠮ ᠢᠶᠡᠷ ᠪᠠᠶᠠᠯᠢᠬᠵᠢᠨ᠂ ᠨᠠᠶᠢᠷ ᠨᠠᠭᠠᠳᠤᠮ ᠢ ᠡᠷᠬᠢᠮᠯᠡᠵᠦ᠂ ᠴᠡᠡᠭᠭᠡᠯᠳᠦᠨ ᠬᠤᠷᠢᠮᠯᠠᠬᠤ ᠵᠠᠪᠰᠢᠶᠠᠨ ᠴᠢᠯᠦᠭᠡ ᠳᠦ ᠤᠯᠠᠰᠢᠷᠠᠬᠰᠠᠨ ᠪᠠ ᠤᠯᠤᠰ ᠪᠠᠶᠢᠭᠤᠯᠤᠬᠳᠠᠵᠦ ᠮᠤᠡᠭᠭᠤᠯ ᠦᠨᠳᠦᠰᠦᠲᠡᠨ ᠤ ᠬᠠᠮᠳᠦ ᠶᠢᠨ ᠴᠤᠬᠴᠠ ᠪᠦᠷᠢᠯᠳᠦᠬᠦ ᠶᠢ ᠲᠠᠭᠠᠯᠳᠤᠨ᠂ ᠤᠯᠠᠮᠵᠢᠯᠠᠯᠲᠦ ᠨᠠᠶᠢᠷ ᠨᠠᠭᠠᠳᠤᠮ ᠨᠢ ᠤᠯᠠᠮ ᠨᠢᠭᠡ ᠠᠯᠬᠤᠮ ᠬᠦᠭᠵᠢᠨ ᠲᠡᠯᠭᠡᠷᠡᠵᠦ᠂ ᠦᠪᠡᠷᠮᠢᠴᠡ ᠤᠨᠴᠠᠯᠢᠬ ᠲᠠᠢ ᠮᠤᠡᠭᠭᠤᠯ ᠤᠨ 《ᠡᠷ᠎ᠡ ᠶᠢᠨ ᠭᠤᠷᠪᠠᠨ ᠨᠠᠭᠠᠳᠤᠮ》 ᠪᠠ ᠡᠭᠦᠨ ᠢᠶᠡᠷ ᠭᠤᠤᠯ ᠴᠤᠬᠴᠠ ᠪᠤᠯᠭᠠᠬᠰᠠᠨ ᠮᠤᠷᠢᠨ ᠪᠦᠮᠪᠦᠭᠡ᠂ ᠮᠤᠡᠭᠭᠤᠯ ᠰᠢᠳᠠᠷ᠎ᠠ ᠵᠡᠷᠭᠡ ᠨᠠᠶᠢᠷ ᠨᠠᠭᠠᠳᠤᠮ ᠤᠨ ᠬᠡᠯᠪᠡᠷᠢ ᠨᠢ ᠤᠯᠠᠮ ᠢᠶᠡᠷ ᠲᠡᠭᠦᠯᠳᠡᠷᠵᠢᠨ ᠬᠦᠭᠵᠢᠵᠡᠢ᠃ ᠲᠤᠬᠠᠢ ᠶᠢᠨ ᠦᠶ᠎ᠡ ᠶᠢᠨ ᠨᠠᠭᠠᠳᠤᠮ ᠤᠨ ᠢᠷᠦᠭᠡᠯ ᠮᠠᠬᠳᠠᠭᠠᠯ᠂ ᠵᠢᠭᠤᠯᠴᠢᠯᠠᠯ ᠤᠨ ᠲᠡᠮᠳᠡᠭᠯᠡᠯ ᠪᠤᠶᠤ ᠲᠡᠤᠬᠡ ᠪᠢᠴᠢᠭ ᠲᠦ ᠪᠦᠬᠡ ᠪᠠᠷᠢᠯᠳᠤᠬᠤ᠂ ᠰᠤᠷ ᠬᠠᠷᠪᠤᠬᠤ᠂ ᠮᠤᠷᠢ ᠤᠷᠤᠯᠳᠤᠬᠤ ᠵᠡᠷᠭᠡ ᠨᠠᠭᠠᠳᠤᠮ ᠢ ᠵᠡᠷᠭᠡᠴᠡᠭᠦᠯᠦᠨ ᠲᠤᠷᠠᠳᠬᠤ ᠪᠤᠯᠤᠬᠰᠠᠨ ᠪᠦᠭᠡᠳ 《ᠡᠷ᠎ᠡ ᠶᠢᠨ ᠭᠤᠷᠪᠠᠨ ᠨᠠᠭᠠᠳᠤᠮ 》ᠭᠡᠰᠡᠨ ᠬᠡᠪᠰᠢᠭᠰᠡᠨ ᠨᠠᠷ᠎ᠡ ᠲᠤᠮᠢᠶ᠎ᠠ ᠶᠢ ᠬᠡᠷᠡᠭᠯᠡᠬᠦ ᠪᠤᠯᠵᠠᠢ᠃

 ᠡᠷᠳᠡᠨ ᠤ ᠦᠶ᠎ᠡ ᠳ᠋ᠦ ᠨᠠᠶᠢᠷ ᠨᠠᠭᠠᠳᠤᠮ ᠨᠢ ᠮᠤᠡᠭᠭᠤᠯᠴᠤᠳ ᠤᠨ ᠰᠤᠷᠭᠠᠨ ᠬᠦᠮᠦᠵᠢᠯ ᠤᠨ ᠨᠢᠭᠡᠨ ᠪᠦᠷᠢᠯᠳᠦᠭᠦᠨ ᠪᠤᠯᠵᠦ᠂ ᠮᠦᠨ ᠮᠤᠡᠭᠭᠤᠯ ᠰᠤᠶᠤᠯ ᠤᠨ ᠬᠠᠷᠢᠴᠠᠭ᠎ᠠ ᠰᠤᠯᠢᠯᠴᠠᠭ᠎ᠠ ᠳ᠋ᠦ ᠬᠦᠢᠰᠦ ᠶᠢᠨ ᠦᠢᠯᠡᠳᠦᠯ ᠦᠵᠡᠭᠦᠯᠵᠦ ᠪᠠᠶᠢᠬᠰᠠᠨ ᠪᠤᠯ ᠦᠨᠦᠳᠦᠷ ᠪᠤᠯᠬᠤ ᠳ᠋ᠦ ᠲᠡᠷᠡ ᠨᠢ ᠪᠡᠶ᠎ᠡ ᠲᠠᠮᠢᠷ ᠤᠨ ᠬᠤᠪᠢ ᠳ᠋ᠦ ᠮᠦᠨ ᠴᠦ ᠮᠤᠡᠭᠭᠤᠯ ᠦᠨᠳᠦᠰᠦᠲᠡᠨ ᠤ ᠰᠤᠷᠭᠠᠨ ᠬᠦᠮᠦᠵᠢᠯ ᠤᠨ ᠨᠢᠭᠡᠨ ᠪᠦᠷᠢᠯᠳᠦᠭᠦᠨ ᠪᠤᠯᠤᠬᠰᠠᠭᠠᠷ ᠪᠤᠢ᠃ ᠡᠷᠳᠡᠨ ᠤ ᠦᠶ᠎ᠡ ᠶᠢᠨ ᠨᠠᠶᠢᠷ ᠨᠠᠭᠠᠳᠤᠮ ᠨᠢ ᠦᠢᠯᠡᠳᠪᠦᠷᠢᠯᠡᠯ ᠪᠤᠯᠤᠨ ᠴᠡᠷᠢᠭ ᠲᠠᠶᠢᠨ ᠳ᠋ᠦ ᠦᠢᠯᠡᠴᠢᠯᠡᠵᠦ᠂ ᠱᠠᠰᠢᠨ ᠰᠢᠳᠦᠯᠭᠡ ᠳ᠋ᠦ ᠠᠰᠢᠬᠯᠠᠬᠳᠠᠵᠦ ᠪᠠᠶᠢᠬᠰᠠᠨ ᠪᠤᠯ ᠦᠨᠦ ᠬᠠᠷᠢᠨ ᠪᠦᠷᠢᠮᠦᠰᠦᠨ ᠪᠠᠶᠠᠷ ᠴᠡᠡᠭᠭᠡᠯ ᠤᠨ ᠰᠢᠨᠵᠢ ᠴᠢᠨᠠᠷ ᠲᠠᠢ ᠪᠤᠯᠵᠦ᠂ ᠠᠷᠠᠳ ᠤᠯᠠᠨ ᠤ ᠦᠯᠵᠡᠢ ᠵᠢᠷᠭᠠᠯ ᠤᠨ ᠪᠡᠯᠭᠡ ᠲᠡᠮᠳᠡᠭ ᠪᠤᠯᠤᠬᠰᠠᠨ ᠪᠠᠶᠢᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ