ᠮᠤᠷᠢᠨ ᠪᠦᠮᠪᠦᠭᠡ

ᠨᠡᠶᠢᠲᠡᠯᠡᠭᠰᠡᠨ ᠴᠠᠭ : 

2017-07-10 11:05:00

 ᠠᠯᠢ ᠡᠷᠳᠡ ᠮᠤᠡᠭᠭᠤᠯ ᠬᠠᠭᠠᠨᠳᠦ ᠤᠯᠤᠰ ᠪᠠᠶᠢᠭᠤᠯᠤᠬᠳᠠᠬᠤ ᠡᠴᠡ ᠡᠮᠦᠨ᠎ᠡ ᠮᠤᠷᠢᠨ ᠪᠦᠮᠪᠦᠭᠡ ᠶᠢᠨ ᠨᠠᠭᠠᠳᠤᠮ ᠨᠢᠭᠡᠨᠳᠡ ᠮᠤᠡᠭᠭᠤᠯᠴᠤᠳ ᠤᠨ ᠳᠤᠷ᠎ᠠ ᠪᠠᠬᠠᠲᠠᠢ ᠲᠠᠮᠢᠷ ᠤᠨ ᠬᠦᠳᠡᠯᠭᠡᠭᠡᠨ ᠪᠤᠯᠵᠦ ᠪᠠᠶᠢᠵᠠᠢ᠃ ᠡᠨᠡ ᠲᠤᠬᠠᠢ ᠮᠡᠳᠡᠭᠡ ᠵᠤᠤ ᠾᠦᠡᠭ ᠤᠨ ︽ᠮᠤᠡᠭᠭᠤᠯ ᠲᠠᠲ᠋ᠠᠷ ᠤᠨ ᠪᠦᠷᠢᠨ ᠲᠡᠮᠳᠡᠭᠯᠡᠯ︾ᠭᠡᠰᠡᠨ ᠨᠤᠮ ᠳ᠋ᠦ ᠲᠤᠳᠤᠷᠬᠠᠢ ᠲᠡᠮᠳᠡᠭᠯᠡᠵᠦ ᠪᠤᠢ᠃

ᠮᠤᠷᠢᠨ ᠪᠦᠮᠪᠦᠭᠡ ᠨᠠᠭᠠᠳᠬᠤ ᠲᠠᠯᠠᠪᠠᠢ ᠪᠠ ᠡᠬᠢᠯᠡᠯᠲᠡ ᠶᠢᠨ ᠪᠡᠯᠡᠳᠭᠡᠯ᠄

 ᠦᠷᠭᠡᠨ ᠢᠶᠡᠷ ᠢᠶᠡᠨ ᠨᠢᠭᠡ ᠵᠠᠭᠤ ᠲᠠᠪᠢᠨ ᠠᠯᠳᠠ᠂ ᠤᠷᠲᠦ ᠪᠡᠷ ᠢᠶᠡᠨ ᠭᠤᠷᠪᠠᠨ ᠵᠠᠭᠤᠨ ᠠᠯᠳᠠ ᠶᠢᠨ ᠬᠡᠮᠵᠢᠶ᠎ᠡ ᠲᠠᠢ ᠤᠷᠳᠦ ᠲᠦᠷᠪᠡᠯᠵᠢᠨ ᠲᠠᠯᠠᠪᠠᠢ ᠵᠢᠷᠤᠨ᠎ᠠ᠃ ᠦᠷᠭᠡᠨ ᠲᠠᠯ᠎ᠠ ᠶᠢᠨ ᠳᠤᠮᠳᠠᠴᠢ ᠴᠡᠭ ᠲᠡᠭᠡᠷ᠎ᠡ ᠲᠤᠰᠪᠤᠷᠢ ᠮᠤᠡᠭᠭᠤᠯ ᠭᠡᠷ ᠤᠨ ᠪᠠᠭᠤᠴᠠ ᠶᠢᠨ ᠴᠢᠨᠡᠬᠡᠨ ᠲᠤᠭᠤᠢ ᠵᠢᠷᠤᠵᠦ᠂ ᠲᠡᠭᠦᠨ ᠤ ᠳᠤᠲᠤᠷ᠎ᠠ ᠨᠢᠭᠡ ᠨᠠᠭᠠᠳᠤᠬᠴᠢ ︵ᠮᠠᠨᠠᠭᠠᠴᠢ︶ᠪᠠᠨ ᠵᠤᠬᠰᠤᠭᠠᠨ᠎ᠠ᠃ ᠪᠤᠰᠤᠳ ᠨᠠᠭᠠᠳᠤᠬᠴᠢᠳ ᠨᠢ ᠲᠤᠰ ᠲᠤᠰ ᠤᠨ ᠮᠤᠷᠢ ᠪᠠᠨ ᠤᠨᠤᠵᠦ ᠬᠤᠶᠠᠷ ᠭᠠᠯ ︵ᠳᠤᠭᠤᠶᠢᠯᠠᠡᠭ︶ᠬᠤᠪᠢᠶᠠᠬᠳᠠᠨ ᠨᠠᠭᠠᠳᠬᠤ ᠪᠡᠷ ᠪᠡᠯᠡᠳᠭᠡᠨ᠎ᠡ᠃ ᠬᠡᠷᠡᠭᠯᠡᠬᠦ ᠪᠦᠮᠪᠦᠭᠡ ᠨᠢ ᠦᠪᠡᠰᠦᠪᠡᠨ ᠬᠢᠭᠰᠡᠨ ᠰᠢᠷᠢᠨ ᠪᠦᠮᠪᠦᠭᠡ ᠪᠠᠶᠢᠭ᠎ᠠ ᠶᠤᠮ᠃ ᠡᠨᠡ ᠨᠠᠭᠠᠳᠤᠮ ᠢ ᠬᠤᠶᠠᠷ ᠶᠠᠡᠭᠵᠦ ᠪᠡᠷ ᠨᠠᠭᠠᠳᠤᠨ᠎ᠠ᠃

︵ᠠ‍︶ᠮᠤᠷᠢ ᠤᠨᠤᠬᠰᠠᠨ ᠲᠦᠷᠪᠡ ᠪᠤᠶᠤ ᠵᠢᠷᠭᠤᠭᠠᠨ ᠬᠦᠮᠦᠨ ᠲᠡᠡᠭᠴᠡᠭᠦᠦ ᠲᠤᠭ᠎ᠠ ᠪᠡᠷ ᠬᠤᠪᠢᠶᠠᠬᠳᠠᠵᠦ᠂ ᠬᠤᠶᠠᠷ ᠭᠠᠯ ᠪᠤᠯᠤᠭᠠᠳ ᠲᠠᠯᠠᠪᠠᠢ ᠶᠢᠨ ᠲᠦᠪ ᠭᠤᠤᠯ ᠳ᠋ᠦ ᠪᠠᠶᠢᠬᠤ ᠳ᠋ᠤᠨᠢ ᠰᠢᠳᠡᠵᠦ ᠦᠭᠭᠦᠭᠰᠡᠨ ᠪᠦᠮᠪᠦᠭᠡ ᠶᠢ ᠠᠪᠤᠬᠰᠠᠨ ᠲᠠᠯ᠎ᠠ ᠨᠢ ᠦᠪᠡᠷ ᠬᠤᠭᠤᠷᠤᠨᠳᠦ ᠪᠠᠨ ᠪᠦᠮᠪᠦᠭᠡ ᠪᠡᠨ ᠲᠠᠮᠵᠢᠭᠤᠯᠤᠨ ᠦᠪᠡᠷ ᠤᠨ ᠭᠠᠯ ᠤᠨ ᠲᠡᠮᠳᠡᠭᠲᠦ ︵ᠳᠤᠭᠤᠢ ᠵᠢᠷᠤᠬᠰᠠᠨ︶ᠭᠠᠵᠠᠷ ᠲᠠᠭᠠᠨ ᠠᠪᠠᠴᠢᠵᠦ ᠲᠠᠯᠪᠢᠬᠤ ᠶᠢ ᠵᠤᠷᠢᠵᠦ ᠨᠠᠭᠠᠳᠤᠨ᠎ᠠ᠃

 ᠬᠠᠷᠢᠨ ᠡᠰᠡᠷᠭᠦ ᠲᠠᠯ᠎ᠠ ᠶᠢᠨ ᠨᠠᠭᠠᠳᠤᠬᠴᠢᠳ ᠨᠢ ᠰᠢᠳᠡᠨ ᠲᠠᠮᠵᠢᠭᠤᠯᠵᠦ ᠪᠠᠶᠢᠭ᠎ᠠ ᠪᠦᠮᠪᠦᠭᠡ ᠶᠢ ᠨᠢ ᠬᠤᠭᠤᠷᠤᠨᠳᠦ ᠡᠴᠡ ᠨᠢ ᠪᠤᠯᠢᠶᠠᠨ ᠠᠪᠤᠭᠠᠳ ᠦᠪᠡᠷ ᠵᠠᠭᠤᠷ᠎ᠠ ᠪᠠᠨ ᠠᠯᠳᠠᠯ ᠦᠭᠡᠢ ᠪᠡᠷ ᠲᠠᠮᠵᠢᠭᠤᠯᠤᠨ ᠳᠤᠪᠲᠤᠯᠵᠦ ᠦᠪᠡᠷ ᠤᠨ ᠭᠠᠯ ᠤᠨ ᠲᠡᠮᠳᠡᠭᠲᠦ ᠭᠠᠵᠠᠷ ᠲᠦ ᠬᠦᠷᠭᠡᠬᠦ ᠪᠡᠷ ᠵᠤᠷᠢᠨ᠎ᠠ᠃

 ᠪᠦᠮᠪᠦᠭᠡ ᠰᠢᠳᠡᠬᠦ ᠳ᠋ᠦ ᠮᠤᠷᠢ ᠪᠡᠷ ᠢᠶᠡᠨ ᠠᠮᠢᠲᠠᠨ ᠳᠠᠪᠬᠢᠵᠦ ᠲᠤᠰᠴᠦ ᠠᠪᠬᠤ ᠪᠤᠶᠤ ᠡᠰᠡᠷᠬᠦ ᠲᠠᠯ᠎ᠠ ᠶᠢᠨ ᠬᠢ ᠡᠴᠡ ᠪᠦᠮᠪᠦᠭᠡ ᠶᠢ ᠨᠢ ᠪᠤᠯᠢᠶᠠᠨ ᠠᠪᠬᠤ ᠪᠡᠷ ᠲᠠᠪᠬᠢᠨ ᠤᠷᠤᠯᠳᠤᠨ᠎ᠠ᠃ ᠭᠡᠪᠡᠴᠦ ᠪᠦᠮᠪᠦᠭᠡ ᠪᠡᠨ ᠪᠠᠷᠢᠭᠠᠳ ᠲᠠᠪᠬᠢᠵᠦ ᠪᠤᠯᠬᠤ ᠦᠭᠡᠢ᠃ ᠪᠦᠮᠪᠦᠭᠡ ᠪᠡᠨ ᠪᠠᠷᠢᠮᠠᠬᠴᠠ ᠲᠠᠮᠵᠢᠭᠤᠯᠤᠨ ᠰᠢᠳᠡᠬᠦ ᠬᠡᠷᠡᠭᠲᠡᠢ᠃ ᠬᠡᠷᠪᠡ ᠪᠦᠮᠪᠦᠭᠡ ᠪᠡᠨ ᠭᠠᠵᠠᠷ ᠤᠨᠠᠭᠠᠴᠢᠬᠠᠪᠠᠯ ᠮᠤᠷᠢᠨ ᠲᠡᠭᠡᠷ ᠡ ᠡᠴᠡ ᠪᠡᠨ ᠬᠡᠯᠪᠡᠷᠢᠨ ᠰᠢᠭᠦᠷᠡᠬᠦ ᠪᠤᠶᠤ ᠮᠤᠷᠢᠨ ᠡᠴᠡ ᠪᠡᠨ ᠦᠰᠦᠷᠦᠨ ᠪᠠᠭᠤᠵᠦ ᠪᠦᠮᠪᠦᠭᠡ ᠪᠡᠨ ᠠᠪᠤᠭᠠᠳ ᠲᠠᠬᠢᠨ ᠮᠤᠷᠢᠨ ᠲᠡᠭᠡᠷ᠎ᠡ ᠪᠡᠨ ᠲᠦᠷᠭᠡᠨ ᠮᠤᠷᠳᠠᠵᠦ ᠰᠢᠳᠡᠨ ᠲᠠᠮᠵᠢᠭᠤᠯᠬᠤ ᠮᠡᠳᠦᠴᠢᠯᠡᠨ ᠨᠠᠭᠠᠳᠤᠨ᠎ᠠ᠃

 ᠮᠠᠨᠠᠬᠴᠢ ᠶᠢᠨ ᠡᠭᠦᠷᠭᠡ ᠪᠤᠯ ᠦᠪᠡᠷ ᠤᠨ ᠭᠠᠯ ᠤᠨ ᠬᠢᠨᠢ ᠮᠤᠷᠢᠨ ᠲᠡᠭᠡᠷ᠎ᠡ ᠡᠴᠡ ᠰᠢᠳᠡᠵᠦ ᠦᠭᠭᠦᠭᠰᠡᠨ ᠪᠦᠮᠪᠦᠭᠡ ᠶᠢ ᠪᠠᠷᠢᠵᠦ ᠠᠪᠤᠨ᠎ᠠ᠃ ᠭᠡᠪᠡᠴᠦ ᠳᠤᠭᠤᠢ ᠲᠤᠳᠤᠷ᠎ᠠ ᠡᠴᠡ ᠪᠡᠨ ᠭᠠᠷᠴᠦ ᠶᠠᠪᠤᠨ ᠪᠦᠮᠪᠦᠭᠡ ᠪᠠᠷᠢᠵᠦ ᠪᠤᠯᠬᠤ ᠦᠭᠡᠢ᠃ ᠰᠢᠳᠡᠵᠦ ᠦᠭᠭᠦᠭᠰᠡᠨ ᠪᠦᠮᠪᠦᠭᠡ ᠶᠢ ᠳᠤᠭᠤᠢ ᠲᠤᠳᠤᠷ᠎ᠠ ᠪᠠᠨ ᠬᠦᠭᠡᠭᠡᠴᠡᠯᠳᠦᠨ ᠪᠠᠷᠢᠵᠦ ᠪᠤᠯᠤᠨ᠎ᠠ᠃

 ᠢᠡᠭᠭᠢᠵᠦ ᠨᠠᠭᠠᠳᠴᠦ ᠪᠠᠶᠢᠬᠰᠠᠭᠠᠷ ᠦᠪᠡᠷ ᠤᠨ ᠭᠠᠯ ᠳ᠋ᠠᠭᠠᠨ ᠳᠦᠷᠪᠡᠨ ᠤᠳᠠᠭ᠎ᠠ ᠲᠦᠷᠦᠭᠦᠯᠡᠨ ᠪᠦᠮᠪᠦᠭᠡ ᠠᠪᠴᠦ ᠢᠷᠡᠭᠰᠡᠨ ᠭᠠᠯ ᠤᠨ ᠬᠢᠨ ᠢ ᠱᠦᠬᠦᠭᠰᠡᠨ ᠳ᠋ᠦ ᠲᠤᠭᠠᠴᠠᠨ᠎ᠠ᠃

︵ᠡ‍︶ᠮᠤᠷᠢ ᠤᠨᠤᠬᠰᠠᠨ ᠳᠦᠷᠪᠡᠨ ᠨᠠᠭᠠᠳᠤᠬᠴᠢ ᠬᠤᠶᠠᠷ ᠬᠤᠶᠠᠷ ᠢᠶᠡᠷ ᠢᠶᠡᠨ ᠨᠢᠭᠡᠨ ᠭᠠᠯ ᠪᠤᠯᠵᠦ᠂ ᠬᠦᠮᠦᠨ ᠪᠦᠷᠢ ᠨᠢᠭᠡᠨ ᠴᠢᠪᠴᠢᠷᠭ᠎ᠠ ︵ᠴᠤᠬᠢᠭᠤᠷ︶︵ᠦᠵᠦᠭᠦᠷ ᠤᠨ ᠬᠡᠰᠡᠭ ᠲᠡᠭᠡᠨ ᠬᠠᠭᠠᠰ ᠰᠠᠷᠠᠨ ᠬᠡᠯᠪᠡᠷᠢᠲᠡᠢ ᠠᠯᠳᠠ ᠬᠢᠷᠢ ᠤᠷᠲᠦ ᠮᠤᠳᠤ︶ᠠᠳᠬᠤᠵᠦ ᠪᠡᠯᠡᠳᠭᠡᠨ᠎ᠡ᠃

 ᠨᠠᠭᠠᠳᠤᠮ ᠡᠬᠢᠯᠡᠬᠦ ᠳᠤᠬᠢᠶ᠎ᠠ ᠳᠤᠤᠭᠠᠷᠤᠮᠠᠬᠴᠠ ᠨᠠᠭᠠᠳᠤᠬᠴᠢᠳ ᠦᠪᠡᠷ ᠦᠪᠡᠷ ᠤᠨ ᠳᠤᠭᠤᠢ ᠶᠢᠨ ᠲᠡᠷᠭᠡᠳᠡ ᠡᠴᠡ ᠲᠠᠯᠠᠪᠠᠢ ᠶᠢᠨ ᠲᠦᠪ ᠲᠦ ᠪᠠᠶᠢᠭ᠎ᠠ ᠪᠦᠮᠪᠦᠭᠡ ᠤᠷᠤᠭᠤ ᠳᠤᠪᠲᠤᠯᠤᠨ ᠤᠴᠢᠵᠦ ᠪᠦᠮᠪᠦᠭᠡ ᠶᠢ ᠠᠪᠴᠦ ᠴᠢᠳᠠᠬᠰᠠᠨ ᠨᠢ ᠦᠪᠡᠷ ᠤᠨ ᠳᠤᠭᠤᠢ ᠤᠷᠤᠭᠤ ᠴᠢᠪᠴᠢᠷᠭ᠎ᠠ ︵ᠴᠤᠬᠢᠭᠤᠷ︶ᠪᠡᠷ ᠢᠶᠡᠨ ᠲᠡᠯᠡᠳᠦᠨ ᠶᠠᠪᠤᠭᠤᠯᠬᠤ ᠪᠡᠷ ᠦᠪᠡᠷ ᠤᠨ ᠬᠢᠨ ᠳ᠋ᠡᠭᠡᠨ ᠳᠠᠮᠵᠢᠭᠤᠯᠤᠨ᠎ᠠ᠃ ᠡᠰᠡᠷᠬᠦ ᠲᠠᠯ᠎ᠠ ᠶᠢᠨ ᠨᠠᠭᠠᠳᠤᠬᠴᠢ ᠨᠢ ᠳᠤᠬᠢᠶᠠᠯ ᠲᠠᠭᠠᠷᠠᠭᠤᠯᠤᠨ ᠪᠤᠯᠢᠶᠠᠨ ᠦᠪᠡᠷ ᠤᠨ ᠳᠤᠭᠤᠢ ᠤᠷᠤᠭᠤ ᠪᠠᠨ ᠴᠤᠬᠢᠭᠤᠷ ᠢᠶᠡᠷ ᠢᠶᠡᠨ ᠲᠠᠳᠠᠨ᠎ᠠ᠃

︽ᠮᠠᠨᠠᠬᠴᠢ︾ ᠶᠢᠨ ᠡᠭᠦᠷᠭᠡ ᠬᠠᠷᠢᠭᠤᠴᠠᠯᠭ᠎ᠠ ᠨᠢ ︽ᠠ‍︾ᠳ᠋ᠦ ᠳᠤᠷᠠᠳᠤᠬᠰᠠᠨ ᠲᠠᠢ ᠠᠳᠠᠯᠢ ᠪᠠᠶᠢᠳᠠᠬ᠃

 ᠢᠡᠭᠭᠢᠵᠦ ᠲᠡᠮᠡᠴᠡᠯᠳᠦᠨ ᠨᠠᠭᠠᠳᠤᠭᠠᠳ ᠠᠯᠢ ᠨᠢᠭᠡᠨ ᠭᠠᠯ ᠤᠨ ᠬᠢᠨ ᠲᠦᠷᠦᠭᠦᠯᠡᠭᠡᠳ ᠲᠦᠷᠪᠡᠨ ᠤᠳᠠᠭ᠎ᠠ ᠪᠦᠮᠪᠦᠭᠡ ᠶᠢ ᠦᠪᠡᠷ ᠤᠨ ᠳᠤᠭᠤᠢ ᠳ᠋ᠠᠭᠠᠨ ᠴᠤᠬᠢᠵᠦ ᠤᠷᠤᠭᠤᠯᠤᠬᠰᠠᠨ ᠨᠢ ᠱᠦᠭᠦᠭᠰᠡᠨ ᠢᠶᠡᠷ ᠲᠤᠭᠠᠴᠠᠨ᠎ᠠ᠃

 ᠡᠨᠡ ᠬᠤᠶᠠᠷ ᠵᠦᠢᠯ ᠤᠨ ᠮᠤᠷᠢᠨ ᠪᠦᠮᠪᠦᠭᠡ ᠶᠢᠨ ᠨᠠᠭᠠᠳᠤᠮ ᠤᠨ ᠬᠡᠷᠡᠭᠯᠡᠳᠡᠭ ᠪᠦᠮᠪᠦᠭᠡ ᠨᠢ ᠪᠦᠳᠦᠭᠦᠯᠢᠭ ᠰᠢᠭ ᠪᠤᠯᠪᠠᠴᠦ᠂ ᠡᠷᠳᠡ ᠲᠡᠭᠡᠷ᠎ᠡ ᠦᠶ᠎ᠡ ᠳ᠋ᠦ ᠮᠤᠷᠢ ᠪᠡᠷ ᠳᠠᠪᠬᠢᠬᠤ᠂ ᠳᠠᠪᠬᠢᠬᠤ ᠶᠢᠨ ᠲᠠᠭᠠᠤ ᠭᠠᠵᠠᠷ ᠲᠡᠬᠢ ᠪᠦᠮᠪᠦᠭᠡ ᠶᠢ ᠰᠢᠭᠦᠷᠡᠬᠦ᠂ ᠳᠠᠪᠬᠢᠵᠦ ᠪᠠᠶᠢᠭ᠎ᠠ ᠮᠤᠷᠢᠨ ᠲᠡᠭᠡᠷ᠎ᠡ ᠡᠴᠡ ᠦᠰᠦᠷᠦᠨ ᠪᠠᠭᠤᠬᠤ᠂ ᠬᠠᠷᠠᠶᠢᠨ ᠤᠨᠤᠬᠤ ᠵᠡᠷᠭᠡ ᠶᠢᠨ ᠮᠤᠷᠢᠨ ᠼᠢᠷᠺ ᠤᠨ ᠤᠷᠠᠨ ᠮᠡᠷᠭᠡᠵᠢᠯ ᠢ ᠡᠵᠡᠮᠰᠢᠭᠦᠯᠬᠦ᠂ ᠰᠦᠰᠦ ᠵᠤᠷᠢᠬ ᠢ ᠬᠠᠳᠠᠭᠤᠵᠢᠭᠤᠯᠬᠤ ᠬᠦᠮᠦᠵᠢᠯ ᠢ ᠬᠢᠵᠦ ᠪᠠᠶᠢᠬᠰᠠᠨ ᠨᠢ ᠭᠠᠶᠢᠬᠠᠯᠲᠠᠢ ᠠᠵᠤᠭᠤ᠃ ᠮᠤᠡᠭᠭᠤᠯ ᠤᠨ ᠬᠠᠭᠠᠨᠳᠦ ᠤᠯᠤᠰ ᠤᠨ ᠲᠠᠶᠢᠯᠠᠨ ᠲᠠᠭᠠᠭᠤᠯᠬᠤ ᠠᠵᠢᠯᠯᠠᠭ᠎ᠠ ᠪᠠ ᠠᠯᠤᠰ ᠬᠤᠯᠠ ᠶᠢᠨ ᠦᠷᠭᠡᠵᠢᠯ ᠢ ᠳᠠᠭᠠᠯᠳᠤᠨ ᠮᠤᠷᠢᠨ ᠪᠦᠮᠪᠦᠭᠡ ᠶᠢᠨ ᠨᠠᠭᠠᠳᠤᠮ ᠨᠢ ᠪᠤᠰᠤᠳ ᠰᠤᠶᠤᠯ ᠤᠷᠠᠯᠢᠬ ᠤᠨ ᠬᠦᠳᠡᠯᠭᠡᠭᠡᠨ ᠲᠠᠢ ᠠᠳᠠᠯᠢ ᠪᠡᠷ ᠪᠤᠰᠤᠳ ᠤᠯᠤᠰ ᠦᠨᠳᠦᠰᠦᠲᠡᠨ ᠳ᠋ᠦ ᠤᠯᠠᠮᠵᠢᠯᠠᠬᠳᠠᠨ ᠲᠡᠯᠭᠡᠷᠡᠵᠦ᠂ ᠬᠤᠵᠢᠮ ᠨᠢ ᠲᠡᠯᠡᠬᠡᠢ ᠨᠡᠶᠢᠳᠡ ᠶᠢᠨ ᠴᠢᠨᠠᠷᠲᠠᠢ ᠮᠤᠷᠢᠨ ᠪᠦᠮᠪᠦᠭᠡ ᠶᠢᠨ ᠤᠷᠤᠯᠳᠤᠭᠠᠨ ᠪᠤᠯᠤᠬᠰᠠᠨ ᠪᠠᠶᠢᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ