ᠮᠤᠷᠢ ᠤᠷᠭᠠᠯᠠᠬᠤ

ᠨᠡᠶᠢᠲᠡᠯᠡᠭᠰᠡᠨ ᠴᠠᠭ : 

2017-07-10 10:31:00

 ᠮᠤᠷᠢ ᠶᠢ ᠪᠠᠷᠢᠬᠤ ᠳ᠋ᠠᠭᠠᠨ ᠤᠷᠭᠠᠯᠠᠬᠤ ᠪᠤᠶᠤ ᠪᠤᠭᠤᠮᠢ ᠬᠠᠶᠠᠬᠤ ᠬᠤᠶᠠᠷ ᠵᠦᠢᠯ ᠪᠤᠢ᠃

 ᠮᠤᠷᠢ ᠤᠷᠭᠠᠯᠠᠬᠤ ᠭᠡᠳᠡᠭ ᠨᠢ ᠠᠳᠤᠭᠤ ᠪᠠᠨ ᠤᠷᠭᠠᠯᠠᠬᠤ ᠲᠤᠬᠢᠷᠠᠮᠵᠢᠲᠠᠢ ᠭᠠᠵᠠᠷ ᠢᠶᠡᠨ ᠬᠤᠷᠢᠶᠠᠨ ᠠᠪᠴᠢᠷᠠᠵᠦ ᠪᠦᠭᠡᠮᠨᠡᠷᠡᠭᠦᠯᠦᠭᠰᠡᠨ ᠤ ᠳᠠᠷᠠᠭ᠎ᠠ ᠨᠠᠭᠠᠳᠤᠬᠴᠢ ᠨᠢ ︽ᠤᠷᠭ᠎ᠠ︾ᠭᠡᠵᠦ ᠲᠤᠰᠬᠠᠢ ᠤᠷᠭᠠᠯᠠᠳᠠᠬ ᠪᠠᠭᠠᠵᠢ ᠪᠠᠨ ᠪᠠᠷᠢᠵᠦ ︽ᠤᠷᠭᠠᠨ ᠮᠤᠷᠢ︾ᠭᠡᠵᠦ ᠲᠤᠰᠬᠠᠢ ᠰᠤᠷᠭᠠᠬᠰᠠᠨ ᠮᠤᠷᠢ ᠪᠠᠨ ᠤᠨᠤᠵᠦ᠂ ᠶᠠᠮᠠᠷ ᠮᠤᠷᠢ ᠶᠢ ᠤᠷᠭᠠᠯᠠᠬᠤ ᠭᠡᠰᠡᠨ ᠪᠤᠯ ᠲᠡᠷᠡ ᠮᠤᠷᠢᠨ ᠤ ᠠᠷᠤ ᠡᠴᠡ ᠨᠢ ᠭᠡᠨᠡᠳᠲᠡ ᠳᠤᠪᠲᠤᠯᠤᠨ ᠤᠴᠢᠵᠦ᠂ ᠤᠷᠭ᠎ᠠ ᠶᠢᠨ ᠦᠵᠦᠭᠦᠷ ᠤᠨ ᠬᠤᠢᠢᠪᠢ ᠪᠠᠨ ᠮᠤᠷᠢᠨ ᠤ ᠨᠠᠷᠢᠨ ᠬᠦᠵᠦᠭᠦᠦ ᠪᠡᠷ ᠤᠷᠤᠭᠤᠯᠤᠨ ᠭᠡᠳᠡᠷᠬᠦ ᠴᠢᠡᠭᠭᠠᠭᠠᠬᠤ ᠶᠢᠨ ᠬᠠᠮᠳᠦ ᠤᠷᠭ᠎ᠠ ᠶᠢᠨ ᠮᠤᠷᠢᠨ ᠤ ᠪᠠᠨ ᠡᠮᠡᠭᠡᠯ ᠤᠨ ᠠᠷᠤ ᠳ᠋ᠤᠨᠢ ᠰᠠᠭᠤᠵᠦ ᠲᠠᠳᠠᠬᠤ ᠶᠢ ᠵᠢᠭᠠᠵᠦ ᠪᠤᠢ᠃ ᠡᠭᠦᠨ ᠳ᠋ᠦ ᠬᠡᠳᠦᠨ ᠵᠦᠢᠯ ᠤᠨ ᠮᠡᠷᠭᠡᠵᠢᠯ ᠪᠤᠯᠪᠠᠰᠤᠷᠠᠯ ᠱᠠᠭᠠᠷᠳᠠᠬᠳᠠᠨ᠎ᠠ᠃ ᠲᠤᠬᠠᠶᠢᠯᠠᠪᠠᠯ᠂ ᠤᠷᠭ᠎ᠠ ᠪᠠᠨ ᠤᠨᠤᠪᠴᠢᠲᠠᠢ ᠬᠡᠷᠡᠭᠯᠡᠨ᠂ ᠤᠷᠭᠠᠯᠠᠬᠤ ᠮᠤᠷᠢᠨ ᠤ ᠨᠠᠷᠢᠨ ᠬᠦᠵᠦᠭᠦᠦ ᠪᠡᠷ ᠤᠷᠭᠠᠯᠠᠬᠤ︔ ᠤᠷᠤᠭ᠎ᠠ ᠮᠤᠷᠢ ᠶᠢᠨ ᠪᠤᠯᠳᠠᠯᠲᠠ ᠶᠢ ᠲᠠᠭᠠᠨ ᠳᠤᠪᠲᠤᠯᠵᠦ ᠪᠠᠶᠢᠭ᠎ᠠ ᠤᠷᠭᠠᠨ ᠮᠤᠷᠢ ᠪᠠᠨ ᠬᠤᠷᠳᠤᠯᠠᠭᠤᠯᠬᠤ︔ ᠮᠤᠷᠢ ᠪᠠᠨ ᠤᠷᠭᠠᠯᠠᠮᠠᠬᠴᠠ ᠤᠷᠭᠠᠨ ᠮᠤᠷᠢ ᠭᠡᠨᠡᠳᠳᠡ ᠠᠷᠤᠨᠰᠢ ᠪᠠᠨ ᠰᠠᠭᠤᠨ ᠵᠤᠬᠰᠤᠬᠤ ᠭᠡᠬᠦ ᠳ᠋ᠦ ᠤᠨᠴᠢ ︵惯性︶ ᠶᠢᠨ ᠬᠦᠴᠦᠨ ᠳ᠋ᠦ ᠤᠶᠢᠴᠢᠬᠤ ᠦᠭᠡᠢ ᠪᠠᠶᠢᠵᠦ ᠰᠤᠷᠬᠤ︔ ᠠᠷᠭ᠎ᠠ ᠳᠡᠮ ᠢᠶᠡᠷ ᠤᠷᠭᠠᠯᠠᠬᠰᠠᠨ ᠮᠤᠷᠢ ᠪᠠᠨ ᠲᠠᠳᠠᠨ ᠵᠤᠬᠰᠤᠭᠠᠬᠤ ᠵᠡᠷᠭᠡ ᠪᠤᠯᠤᠨ᠎ᠠ᠃

ᠪᠤᠭᠤᠮᠢ ᠬᠠᠶᠠᠬᠤ ᠭᠡᠳᠡᠭ ᠨᠢ ᠠᠳᠤᠭᠤ ᠪᠠᠨ ᠰᠠᠶᠢᠲᠤᠷ ᠪᠦᠭᠡᠮᠨᠡᠷᠡᠭᠦᠯᠦᠨ ᠬᠤᠷᠢᠶᠠᠬᠤ ᠪᠤᠶᠤ ᠬᠤᠷᠢᠶ᠎ᠠ ᠬᠠᠰᠢᠶᠠᠨ ᠳ᠋ᠦ ᠬᠤᠷᠢᠬᠰᠠᠨ ᠤ ᠳᠠᠷᠠᠭ᠎ᠠ ᠮᠤᠷᠢᠨ ᠳᠠᠪᠬᠢᠭ᠎ᠠ ᠲᠡᠭᠡᠷ᠎ᠡ ᠶᠠᠪᠠᠭᠠᠨ ᠢᠶᠡᠷ ᠲᠤᠰᠬᠠᠢ ᠪᠤᠭᠤᠮᠢᠯᠠᠬᠤ ᠲᠡᠭᠡᠰᠦ ︵ᠰᠤᠷ ᠳᠡᠭᠡᠰᠦ︶ᠬᠠᠶᠠᠨ ᠮᠤᠷᠢ ᠪᠠᠷᠢᠬᠤ ᠶᠢ ᠵᠢᠭᠠᠵᠦ ᠪᠤᠢ᠃ ᠡᠭᠦᠨ ᠳ᠋ᠦ ᠲᠡᠭᠡᠰᠦ ᠪᠡᠨ ᠡᠪᠬᠡᠨ ᠪᠠᠷᠢᠵᠦ ᠪᠠᠶᠢᠭᠠᠳ ᠲᠡᠭᠡᠰᠦᠨ ᠤ ᠨᠢᠭᠡ ᠦᠵᠦᠭᠦᠷ ᠲᠡᠬᠢ ᠪᠢᠳᠡᠭᠦᠦ ᠭᠤᠬᠴᠤᠭ᠎ᠠ ︵ᠲᠠᠳᠠᠪᠠᠯ ᠴᠢᠡᠭᠭᠠᠷᠠᠬᠤ︶ᠪᠠᠨ ᠮᠤᠷᠢᠨ ᠤ ᠲᠤᠯᠤᠭᠠᠢ ᠲᠡᠭᠡᠷ᠎ᠡ ᠬᠠᠶᠠᠨ ᠶᠠᠬ ᠰᠠᠶᠢᠬᠠᠨ ᠨᠠᠷᠢᠨ ᠬᠦᠵᠦᠭᠦᠦ ᠪᠡᠷ ᠨᠢ ᠤᠷᠤᠭᠤᠯᠤᠨ ᠲᠠᠳᠠᠬᠤ ᠬᠡᠷᠡᠭᠲᠡᠢ᠃

 ᠮᠤᠷᠢ ᠤᠷᠭᠠᠯᠠᠬᠤ ᠨᠠᠭᠠᠳᠤᠮ ᠢ ᠬᠡᠳᠦᠨ ᠬᠦᠮᠦᠨ ᠴᠦ ᠨᠠᠭᠠᠳᠴᠦ ᠪᠤᠯᠬᠤ ᠪᠦᠭᠡᠳ ᠠᠯᠳᠠᠯ ᠦᠭᠡᠢ ᠤᠯᠠᠨ ᠮᠤᠷᠢ ᠤᠷᠭᠠᠯᠠᠬᠰᠠᠨ ᠨᠢ ᠲᠦᠷᠦᠭᠦᠯᠡᠭᠰᠡᠨ ᠪᠤᠯᠤᠨ᠎ᠠ᠃ ᠡᠨᠡ ᠨᠠᠭᠠᠳᠤᠮ ᠨᠢ ᠨᠢᠭᠡ ᠵᠦᠢᠯ ᠤᠨ ᠮᠤᠷᠢᠨ ᠮᠡᠷᠭᠡᠵᠢᠯ ᠤᠨ ᠪᠤᠯᠪᠠᠰᠤᠷᠠᠯ ᠪᠤᠯᠳᠠᠬ ᠪᠠᠶᠢᠨ᠎ᠠ᠃ ᠲᠤᠬᠠᠶᠢᠯᠠᠪᠠᠯ᠂ ᠤᠷᠭ᠎ᠠ᠂ ᠪᠤᠭᠤᠮᠢ ᠶᠢ ᠬᠡᠷᠡᠭᠯᠡᠬᠦ ᠮᠡᠷᠭᠡᠵᠢᠯ᠂ ᠤᠷᠭᠠᠨ ᠮᠤᠷᠢ ᠶᠢ ᠬᠤᠶᠠᠷ ᠡᠪᠦᠳᠦᠭ ᠢᠶᠡᠷ ᠵᠢᠯᠤᠭᠤᠳᠬᠤ ᠮᠡᠷᠭᠡᠵᠢᠯ᠂ ᠨᠢᠭᠡᠨ ᠢᠵᠢ ᠤᠷᠭᠠᠯᠠᠬᠤ ᠮᠡᠷᠭᠡᠵᠢᠯ ᠵᠡᠷᠭᠡ ᠪᠤᠯᠤᠨ᠎ᠠ᠃

 ᠡᠨᠡ ᠨᠠᠭᠠᠳᠤᠮ ᠨᠢ ᠨᠢᠭᠡ ᠲᠠᠯ᠎ᠠ ᠪᠡᠷ ᠵᠤᠭ᠎ᠠ ᠴᠡᠡᠭᠭᠡᠯ᠂ ᠬᠦᠷ ᠬᠦᠭᠵᠢᠶᠡᠨ ᠢ ᠪᠤᠢ ᠪᠤᠯᠭᠠᠨ ᠶᠠᠳᠠᠷᠠᠯ ᠢ ᠮᠠᠷᠳᠠᠬᠳᠠᠭᠤᠯᠤᠨ᠎ᠠ᠃ 

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ