ᠮᠤᠷᠢ ᠤᠷᠤᠯᠳᠤᠬᠤ

ᠨᠡᠶᠢᠲᠡᠯᠡᠭᠰᠡᠨ ᠴᠠᠭ : 

2017-07-07 10:56:00

 ᠮᠤᠷᠢ ᠤᠷᠤᠯᠳᠤᠬᠤ ᠪᠤᠯ ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡ ᠵᠦᠢᠯ ᠨᠢ ᠪᠤᠯᠬᠤ ᠶᠤᠮ᠃ ᠵᠢᠷᠤᠭ᠎ᠠ ᠮᠤᠷᠢ ᠤᠷᠤᠯᠳᠤᠬᠤ᠂ ᠠᠵᠢᠷᠭ᠎ᠠ᠂ ᠦᠷᠢᠶ᠎ᠡ᠂ ᠲᠠᠭ᠎ᠠ ᠤᠷᠤᠯᠳᠤᠬᠤ᠂ ᠡᠮᠨᠢᠭ ᠰᠤᠷᠭᠠᠬᠤ᠂ ᠮᠤᠷᠢ ᠪᠡᠷ ᠠᠡᠭᠨᠠᠬᠤ᠂ ᠮᠤᠷᠢᠨ ᠲᠡᠭᠡᠷ᠎ᠡ ᠡᠴᠡ ᠬᠠᠷᠪᠤᠵᠦ ᠨᠠᠮᠨᠠᠬᠤ᠂ ᠮᠤᠷᠢᠨ ᠲᠡᠭᠡᠷ᠎ᠡ ᠰᠡᠯᠡᠮ᠎ᠡ ᠡᠷᠭᠢᠭᠦᠯᠬᠦ᠂ ᠴᠢᠯᠠᠭᠤ ᠰᠢᠳᠡᠬᠦ ᠪᠤᠯ ᠤᠤᠯ ᠡᠴᠡ ᠪᠡᠨ ᠮᠤᠷᠢᠨ ᠨᠢᠷᠤᠭᠤᠨ ᠲᠡᠭᠡᠷ᠎ᠡ ᠦᠰᠴᠦ ᠠᠮᠢᠳᠤᠷᠠᠬᠰᠠᠨ ᠮᠤᠡᠭᠭᠤᠯᠴᠤᠳ ᠤᠨ ᠠᠪᠢᠶᠠᠰ ᠴᠢᠳᠠᠪᠤᠷᠢ ᠨᠢ ᠶᠤᠮ᠃ ᠡᠨᠡ ᠨᠢ ᠠᠭᠠᠵᠢᠮ ᠢᠶᠡᠷ ᠬᠦᠭᠵᠢᠭᠰᠡᠭᠡᠷ ᠰᠡᠭᠦᠯᠳᠡᠵᠦ ᠮᠤᠷᠢᠨ ᠮᠡᠷᠭᠡᠵᠢᠯᠲᠡᠨ ᠴᠤᠯᠭᠤᠷᠠᠨ ᠭᠠᠷᠴᠦ ᠮᠤᠷᠢᠨ ᠲᠡᠭᠡᠷ᠎ᠡ ᠲᠤᠯᠤᠭᠠᠢ ᠪᠡᠷ ᠢᠶᠡᠨ ᠵᠤᠬᠰᠤᠵᠦ ᠤᠷᠤᠯᠳᠤᠬᠤ᠂ ᠬᠡᠳᠦᠨ ᠬᠦᠮᠦᠨ ᠨᠢᠭᠡ ᠮᠤᠷᠢ ᠤᠨᠤᠵᠦ ᠤᠷᠤᠯᠳᠤᠬᠤ᠂ ᠨᠢᠭᠡ ᠬᠦᠮᠦᠨ ᠬᠤᠶᠠᠷ ᠮᠤᠷᠢᠨ ᠨᠢᠷᠤᠭᠤᠨ ᠲᠡᠭᠡᠷ᠎ᠡ ᠵᠤᠬᠰᠤᠵᠦ ᠤᠷᠤᠯᠳᠤᠬᠤ᠂ ᠮᠤᠷᠢᠨ ᠴᠡᠷᠢᠭ ᠤᠨ ᠪᠤᠯᠪᠠᠰᠤᠷᠠᠯ ᠬᠢᠬᠦ᠂ ᠮᠤᠷᠢᠨ ᠪᠦᠮᠪᠦᠭᠡ ᠤᠷᠤᠯᠳᠤᠬᠤ ᠵᠡᠷᠭᠡ ᠤᠷᠤᠯᠳᠤᠭᠠᠨ ᠨᠠᠭᠠᠳᠤᠮ ᠡᠭᠦᠰᠦᠭᠰᠡᠨ ᠪᠠᠶᠢᠨ᠎ᠠ᠃  ᠡᠨᠡ ᠲᠤᠬᠠᠢ ︽ᠶᠤᠧᠠᠨ ᠤᠯᠤᠰ ᠤᠨ ᠲᠡᠤᠬᠡ︾ᠳ᠋ᠦ︽ᠮᠤᠡᠭᠭᠤᠯ ᠦᠨᠳᠦᠰᠦᠲᠡᠨ ᠢᠨᠤ ᠡᠶᠢᠨᠬᠦ ᠢᠵᠠᠭᠤᠷ ᠡᠴᠡ ᠪᠡᠨ ᠬᠠᠷᠪᠤᠵᠦ ᠨᠠᠮᠨᠠᠬᠤ ᠳ᠋ᠤᠷ ᠰᠤᠷᠮᠠᠭᠠᠢ ᠵᠠᠡᠭᠰᠢᠯ ᠲᠠᠢ ᠶᠢᠨ ᠤᠴᠢᠷ ᠲᠡᠯᠡᠬᠡᠢ ᠳ᠋ᠠᠬᠢᠨ ᠢ ᠠᠨᠤ ᠬᠤᠷ ᠰᠠᠭᠠᠳᠠᠬ ᠬᠤᠷᠳᠤᠨ ᠬᠦᠯᠦᠭ ᠢᠶᠡᠷ ᠡᠪᠭᠡᠭᠰᠡᠨ ᠁︾ᠭᠡᠵᠡᠢ᠃

 ᠮᠤᠷᠢ ᠤᠷᠤᠯᠳᠤᠬᠤ ᠳ᠋ᠦ ᠲᠤᠭᠠᠨ ᠤ ᠬᠢᠵᠠᠭᠠᠷ ᠦᠭᠡᠢ᠂ ᠤᠷᠤᠯᠳᠤᠭᠠᠨ ᠡᠬᠢᠯᠡᠬᠦ ᠦᠶ᠎ᠡ ᠨᠠᠭᠠᠳᠤᠮ ᠤᠨ ᠲᠠᠯᠠᠪᠠᠢ ᠬᠦᠮᠦᠨ ᠤᠯᠠᠨ ᠲᠠᠢ ᠭᠠᠵᠠᠷ ᠡᠴᠡ ᠰᠢᠯᠵᠢᠵᠦ ᠠᠭᠤᠳᠠᠮ ᠲᠠᠯ᠎ᠠ ᠪᠤᠶᠤ ᠶᠠᠮᠠᠷ ᠨᠢᠭᠡᠨ ᠳᠤᠪᠤᠷᠬᠠᠬ ᠭᠠᠵᠠᠷ ᠢ ᠰᠤᠡᠭᠭᠤᠨ ᠬᠢᠳᠡᠭ᠂ ᠬᠡᠷᠪᠡ ᠲᠦᠴᠢᠨ ᠭᠠᠵᠠᠷ ᠤᠨ ᠦᠵᠦᠭᠦᠷ ᠡᠴᠡ ᠮᠤᠷᠢ ᠲᠠᠯᠪᠢᠬᠤ ᠪᠡᠷ ᠪᠤᠳᠤᠪᠠᠯ ᠲᠡᠨᠳᠡ ᠤᠷᠤᠯᠳᠤᠬᠴᠢ ᠪᠠ ᠮᠤᠷᠢ ᠬᠢᠨᠠᠬᠴᠢ ᠡᠴᠡ ᠤᠷᠤᠯᠳᠤᠭᠠᠨ ᠤ ᠮᠤᠷᠢ ᠪᠠ ᠤᠨᠤᠬᠰᠠᠳ ᠢ ᠨᠠᠷᠢᠨ ᠪᠠᠶᠢᠴᠠᠭᠠᠵᠦ ᠲᠢᠬ ᠲᠠᠬ ᠲᠡᠳᠡᠨᠦᠰ ᠢ ᠨᠠᠭᠠᠳᠤᠮ ᠤᠨ ᠲᠠᠯᠠᠪᠠᠢ ᠵᠦᠭ ᠡᠡᠭᠨᠡᠷᠡᠭᠦᠯᠦᠨ ᠵᠢᠬᠰᠠᠭᠠᠵᠦ᠂ ᠲᠤᠬ ᠳᠠᠯᠪᠠᠭ᠎ᠠ ᠬᠤᠷᠤᠶᠢᠯᠠᠬᠤ ᠪᠤᠶᠤ ᠶᠠᠮᠠᠷ ᠨᠢᠭᠡᠨ ᠳᠤᠬᠢᠶ᠎ᠠ ᠦᠭᠬᠦ ᠳ᠋ᠦ ᠲᠡᠳᠡᠭᠡᠷ ᠤᠷᠤᠯᠳᠤᠬᠰᠠᠳ ᠲᠤᠭᠤᠰᠤ ᠲᠠᠳᠠᠭᠤᠯᠤᠨ ᠰᠤᠮᠤᠳᠠᠵᠦ ᠭᠠᠷᠳᠠᠬ᠃ ᠤᠷᠤᠯᠳᠤᠭᠠᠨ ᠡᠬᠢᠯᠡᠮᠡᠭᠴᠡ ᠵᠠᠮ ᠤᠨ ᠲᠠᠭᠠᠤ ᠬᠤᠶᠠᠷ ᠲᠠᠯ᠎ᠠ ᠪᠡᠷ ᠤᠷᠤᠯᠳᠤᠵᠦ ᠢᠷᠡᠬᠦ ᠮᠤᠷᠢᠳ ᠢ ᠬᠠᠰᠢᠵᠦ ᠵᠢᠯᠤᠭᠤᠳᠬᠤ ᠬᠦᠴᠦ ᠨᠡᠮᠡᠬᠦ ᠵᠡᠷᠭᠡ ᠬᠦᠮᠦᠰ ᠲᠤᠰ ᠲᠤᠰ ᠮᠤᠷᠢ ᠤᠨᠤᠵᠦ᠂ ᠲᠠᠮ ᠲᠠᠮ ᠲᠤᠰᠴᠦ ᠤᠷᠤᠯᠳᠤᠭᠠᠨ ᠤ ᠮᠤᠷᠢᠳ ᠤᠨ ᠲᠡᠷᠢᠭᠦᠨ ᠲᠡᠳ᠋ ᠭᠤᠳᠠᠭᠠᠷ ᠭᠡᠮᠡᠨ ᠲᠤᠰ ᠲᠤᠰ ᠤᠬᠳᠤᠵᠦ ᠬᠢᠨᠠᠨ᠂ ᠨᠠᠭᠠᠳᠤᠮ ᠤᠨ ᠲᠠᠯᠠᠪᠠᠢ ᠵᠦᠭ ᠤᠳᠤᠷᠢᠳᠬᠤ ᠬᠦᠮᠦᠰ ᠪᠤᠢ᠃ ᠭᠡᠪᠡᠴᠦ ᠡᠳᠡᠭᠡᠷ ᠬᠦᠮᠦᠰ ᠵᠦᠪᠬᠡᠨ ᠦᠪᠡᠷ ᠦᠪᠡᠷ ᠤᠨ ᠨᠤᠬᠳᠠᠬᠰᠠᠨ ᠳ᠋ᠤᠭᠠᠷ ᠲᠤᠭᠠᠳᠦ ᠬᠦᠮᠦᠨ ᠮᠤᠷᠢᠳ ᠢᠶᠡᠨ ᠵᠠᠯᠭᠠᠨ ᠲᠠᠮᠵᠢᠵᠦ ᠤᠳᠤᠷᠢᠳᠬᠤ ᠡᠴᠡ ᠪᠢᠰᠢ᠂ ᠪᠤᠰᠤᠳ ᠤᠨ ᠤᠷᠤᠯᠳᠤᠵᠦ ᠪᠦᠬᠦᠢ ᠮᠤᠷᠢ ᠶᠢ ᠬᠠᠰᠢᠵᠦ ᠰᠠᠭᠠᠳᠠᠭᠠᠵᠦ ᠪᠤᠯᠳᠠᠬ ᠦᠭᠡᠢ᠃

 ᠠᠯᠤᠰ ᠤᠨ ᠪᠠᠷ᠎ᠠ ᠳ᠋ᠦ ᠮᠤᠷᠢᠨ ᠤ ᠲᠤᠭᠤᠰᠤ ᠦᠵᠡᠭᠳᠡᠬᠦ ᠲᠠᠢ ᠵᠡᠷᠭᠡ ᠨᠠᠭᠠᠳᠤᠮ ᠤᠨ ᠲᠠᠯᠠᠪᠠᠢ ᠨᠡᠶᠢᠳᠡᠮ ᠬᠦᠷ ᠬᠦᠭᠵᠢᠶᠡᠨ ᠢᠶᠡᠷ ᠪᠢᠯᠬᠠᠵᠦ᠂ ᠭᠱᠡᠨ ᠵᠠᠭᠤᠷ᠎ᠠ ᠬᠡᠨ ᠬᠡᠨ ᠤ ᠶᠠᠮᠠᠷ ᠮᠤᠷᠢ ᠲᠡᠷᠢᠭᠦᠯᠡᠵᠦ ᠲᠡᠳ᠋ᠯᠡᠬᠦ ᠶᠢ ᠵᠢᠱᠢᠵᠦ ᠲᠠᠭᠠᠮᠠᠬᠯᠠᠨ ᠶᠡᠬᠡᠳᠡ ᠬᠦᠭᠵᠢᠶᠡᠨ ᠲᠡᠪᠵᠢᠶᠡᠨ ᠪᠤᠯᠳᠠᠬ᠃ ᠡᠨᠡ ᠦᠶ᠎ᠡ ᠳ᠋ᠦ ᠨᠠᠶᠢᠷ ᠤᠨ ᠡᠷᠬᠢᠯᠡᠭᠴᠢ ᠪᠤᠶᠤ ᠤᠷᠤᠯᠳᠤᠭᠠᠨ ᠬᠠᠮᠢᠶᠠᠷᠤᠬᠴᠢ ᠡᠴᠡ ᠲᠤᠰᠬᠠᠶᠢᠯᠠᠨ ᠦᠭᠡ ᠬᠡᠯᠡᠨ ᠳ᠋ᠡᠭᠡᠨ ᠠᠪᠢᠶᠠᠰ ᠲᠠᠢ ᠨᠡᠷ᠎ᠡ ᠬᠦᠨᠳᠦᠳᠦ ᠢᠷᠦᠭᠡᠯᠴᠢ ᠨᠠᠷ ᠢ ᠵᠠᠯᠠᠬᠰᠠᠨ ᠪᠠᠶᠢᠳᠠᠬ᠃ ᠲᠡᠳᠡ ᠮᠤᠷᠢᠨ ᠳ᠋ᠠᠭᠠᠨ ᠮᠤᠷᠳᠠᠵᠦ ᠵᠡᠭᠦᠨ ᠭᠠᠷ ᠲᠠᠭᠠᠨ ᠬᠠᠳᠠᠬ ᠲᠠᠢ ᠮᠦᠡᠭᠭᠦᠨ ᠠᠶᠠᠭᠠᠨ ᠳᠦ ᠠᠶᠢᠷᠠᠬ ᠰᠦ ᠶᠢ ᠮᠡᠯᠮᠡᠯᠵᠡᠲᠡᠯ᠎ᠡ ᠬᠢᠵᠦ ᠡᠷᠭᠦᠭᠡᠳ ᠪᠠᠷᠠᠭᠤᠨ ᠭᠠᠷ ᠢᠶᠡᠨ ᠲᠠᠰᠢᠶ᠎ᠠ ᠲᠡᠭᠡᠷ᠎ᠡ ᠪᠡᠨ ᠲᠤᠯᠵᠦ ᠤᠳᠠᠯ ᠦᠭᠡᠢ ᠢᠷᠡᠬᠦ ᠭᠡᠵᠦ ᠪᠠᠶᠢᠭ᠎ᠠ ᠮᠤᠷᠢᠳ ᠢ ᠬᠡᠷᠬᠢᠨ ᠢᠷᠦᠭᠡᠵᠦ ᠮᠠᠬᠳᠠᠵᠦ᠂ ᠮᠢᠯᠢᠶᠡᠵᠦ ᠲᠦᠭᠡᠭᠡᠯᠡᠬᠦ ᠪᠡᠨ ᠪᠠᠵᠠᠭᠠᠵᠦ ᠵᠤᠬᠰᠤᠨ᠎ᠠ᠃

 ᠤᠷᠤᠯᠳᠤᠭᠠᠨ ᠤ ᠮᠤᠷᠢᠨ ᠳ᠋ᠦ ᠬᠠᠵᠠᠭᠠᠷ ᠨᠤᠬᠳᠦ ᠪᠠᠶᠢᠬᠤ ᠡᠴᠡ ᠭᠠᠳᠠᠨ᠎ᠠ ᠨᠢᠮᠬᠡᠨ ᠰᠢᠷᠳᠡᠭ ᠲᠠᠳᠠᠬᠰᠠᠨ ᠪᠠᠶᠢᠳᠠᠬ᠃ ᠤᠯᠠᠡᠭᠬᠢ ᠳ᠋ᠠᠭᠠᠨ ᠴᠦᠮ ᠵᠠᠶᠢᠳᠠᠡᠭ ᠤᠨᠤᠳᠠᠬ᠃ ᠤᠨᠤᠬᠰᠠᠳ ᠨᠢ ᠠᠷᠪᠠᠭᠠᠳ ᠨᠠᠰᠤᠨ ᠤ ᠬᠦᠡᠭᠬᠡᠨ ᠱᠠᠯᠠᠮᠠᠭᠠᠢ ᠪᠦᠰᠡᠲᠡᠢ ᠪᠦᠰᠡᠭᠦᠢ ᠪᠠᠭᠠᠴᠤᠳ ᠪᠠᠶᠢᠳᠠᠬ ᠪᠦᠭᠡᠳ ᠲᠤᠯᠤᠭᠠᠢ ᠪᠠᠨ ᠦᠡᠭᠭᠡ ᠶᠢᠨ ᠰᠠᠶᠢᠬᠠᠨ ᠲᠤᠷᠭ᠎ᠠ ᠲᠤᠷᠳᠤᠡᠭ ᠢᠶᠡᠷ ᠤᠷᠢᠶᠠᠨ ᠭᠤᠶᠤᠯᠠᠬᠰᠠᠨ ᠪᠠᠶᠢᠨ᠎ᠠ᠃ ᠮᠤᠷᠢᠨ ᠤ ᠮᠠᠡᠭᠨᠠᠢ ᠳ᠋ᠦ ᠴᠦ ᠤᠯᠠᠭᠠᠨ ᠨᠤᠭᠤᠭᠠᠨ ᠦᠡᠭᠭᠡ ᠶᠢᠨ ᠲᠤᠷᠭ᠎ᠠ ᠫᠠᠡᠭᠰᠠᠨ ᠤ ᠦᠭᠡᠳᠡᠰᠦ ᠨᠠᠪᠰᠠᠯᠵᠠᠭᠤᠯᠤᠨ ᠴᠢᠮᠡᠭᠰᠡᠨ ᠲᠤᠯᠠ ᠬᠤᠯᠠ ᠡᠴᠡ ᠬᠠᠷᠠᠬᠤ ᠳ᠋ᠦ ᠰᠠᠯᠬᠢᠨ ᠤ ᠠᠶᠠᠰ ᠢᠶᠡᠷ ᠲᠠᠷᠪᠠᠯᠵᠠᠨ ᠰᠤᠯᠤᠡᠭᠭᠠᠷᠠᠵᠦ ᠦᠵᠡᠭᠳᠡᠳᠡᠭ᠃

 ᠰᠤᠪᠤᠷᠠᠵᠦ ᠰᠢᠯᠭᠠᠷᠠᠨ ᠭᠠᠷᠤᠬᠰᠠᠨ ᠮᠤᠷᠢᠳ ᠨᠢ ᠨᠢᠭᠡ ᠨᠢ ᠨᠦᠭᠦᠭᠡ ᠪᠡᠨ ᠲᠠᠭᠠᠷᠢᠵᠦ ᠭᠠᠷᠬᠤ ᠳ᠋ᠦ ᠡᠷᠬᠡᠪᠰᠢ ᠲᠦᠷᠦᠭᠦᠦ ᠮᠤᠷᠢᠨ ᠤ ᠵᠦᠪ ᠲᠠᠯ᠎ᠠ ᠪᠡᠷ ᠲᠠᠭᠠᠷᠢᠵᠦ ᠭᠠᠷᠳᠠᠬ ᠲᠦᠷᠢᠮ ᠲᠠᠢ᠃ ᠤᠴᠢᠷ ᠨᠢ ᠬᠡᠷᠪᠡ ᠪᠤᠷᠤᠭᠤ ᠲᠠᠯ᠎ᠠ ᠪᠡᠷ ᠨᠢ ᠲᠠᠭᠠᠷᠢᠵᠦ ᠭᠠᠷᠬᠤ ᠳ᠋ᠦ ᠬᠦᠷᠪᠡᠯ ᠡᠮᠦᠨ᠎ᠡ ᠶᠠᠪᠤᠭ᠎ᠠ ᠮᠤᠷᠢᠨ ᠤ ᠭᠦᠶᠦᠯᠭᠡᠭᠴᠢ ᠲᠠᠰᠢᠭᠤᠷ ᠢᠶᠡᠷ ᠢᠶᠡᠨ ᠮᠤᠷᠢ ᠪᠠᠨ ᠭᠤᠶᠠᠳᠠᠬᠤ ᠮᠠᠶ᠋ᠢᠬ ᠭᠠᠷᠭᠠᠨ ᠲᠠᠭᠠᠷᠢᠵᠦ ᠭᠠᠷᠬᠤ ᠮᠤᠷᠢᠨ ᠲᠤᠯᠤᠭᠠᠢ ᠤᠷᠤᠭᠤ ᠭᠤᠶᠠᠳᠠᠬᠤ ᠪᠤᠯᠤᠯᠴᠠᠭ᠎ᠠ ᠪᠤᠢ᠃ ᠡᠨᠡ ᠦᠵᠡᠭᠳᠡᠯ ᠢ ᠬᠢᠨᠠᠬᠴᠢ ᠬᠠᠮᠢᠶᠠᠷᠬᠤ ᠦᠭᠡᠢ ᠶᠤᠮ᠃ ᠬᠡᠷᠪᠡ ᠮᠦᠨ ᠵᠦᠪ ᠲᠠᠯ᠎ᠠ ᠪᠡᠷ ᠲᠠᠭᠠᠷᠢᠵᠦ ᠭᠠᠷᠬᠤ ᠮᠤᠷᠢᠨ ᠲᠤᠯᠤᠭᠠᠢ ᠤᠷᠤᠭᠤ ᠭᠤᠶᠠᠳᠠᠪᠠᠯ ᠬᠢᠨᠠᠬᠴᠢ ᠡᠴᠡ ᠵᠤᠷᠢᠯᠭ᠎ᠠ ᠲᠠᠢ ᠭᠤᠶᠠᠳᠠᠬᠰᠠᠨ ᠢᠶᠡᠷ ᠰᠢᠳᠭᠡᠳᠡᠭ ᠶᠤᠮ᠃ ᠶᠠᠭᠠᠬᠢᠭᠠᠳ ᠭᠡᠪᠡᠯ ᠮᠤᠷᠢ ᠤᠨᠤᠳᠠᠬ ᠬᠦᠮᠦᠨ ᠪᠦᠷ ᠵᠡᠭᠦᠨ ᠭᠠᠷ ᠢᠶᠡᠷ ᠢᠶᠡᠨ ᠵᠢᠯᠤᠭᠤ ᠪᠠᠨ ᠪᠠᠷᠢᠵᠦ ᠪᠠᠷᠠᠭᠤᠨ ᠭᠠᠷ ᠲᠠᠭᠠᠨ ᠲᠠᠰᠢᠭᠤᠷ ᠪᠠᠷᠢᠵᠦ ᠪᠠᠶᠢᠳᠠᠬ ᠡᠴᠡ ᠪᠠᠷᠠᠭᠤᠨ ᠭᠠᠷ ᠢᠶᠡᠷ ᠢᠶᠡᠨ ᠮᠤᠷᠢᠨ ᠤ ᠵᠡᠭᠦᠨ ᠤᠮᠤᠷᠤᠤ ᠭᠤᠶ᠎ᠠ ᠤᠷᠤᠭᠤ ᠭᠤᠶᠠᠳᠠᠬᠤ ᠡᠪ ᠬᠠᠪᠤ ᠦᠭᠡᠢ ᠶᠤᠮ᠃

 ᠤᠷᠤᠯᠳᠤᠭᠠᠨ ᠡᠬᠢᠯᠡᠭᠡᠳ ᠮᠤᠷᠢᠨ ᠤ ᠲᠡᠷᠢᠭᠦᠨ ᠤᠷᠤᠵᠦ ᠢᠷᠡᠬᠦ ᠦᠶ᠎ᠡ ᠢᠷᠦᠭᠡᠯᠴᠢᠳ ᠤᠬᠳᠤᠨ ᠤᠴᠢᠵᠦ ᠵᠤᠤᠵᠠᠶᠢᠳᠠᠨ ᠲᠤᠭᠤᠷᠢᠭᠤᠯᠵᠦ ᠤᠨᠤᠬᠰᠠᠨ ᠡᠵᠡᠨ ᠡᠴᠡ ᠨᠢ ᠡᠬᠢᠯᠡᠭᠦᠯᠦᠨ ᠠᠶᠢᠷᠠᠬ ᠲᠠᠷᠠᠬ ᠢᠶᠡᠷ ᠮᠢᠯᠢᠶᠠᠵᠦ ︽ᠲᠡᠷᠢᠭᠦᠨ ᠠᠵᠢᠷᠭᠠᠨ ᠤ ᠴᠤᠯᠠ︾᠂ ︽ᠲᠡᠷᠢᠭᠦᠨ ᠮᠤᠷᠢᠨ ᠤ ᠴᠤᠯᠠ︾ ︵ᠠᠵᠢᠨᠠᠢ ᠬᠦᠯᠦᠭ︶᠂ ︽ᠲᠡᠳ᠋ ᠮᠤᠷᠢᠨ ᠤ ᠴᠤᠯᠠ︵ᠪᠢᠯᠢᠭ ᠤᠨ ᠬᠡᠭᠡᠷ︶︾᠂ ︽ᠭᠤᠳᠠᠭᠠᠷ ᠮᠤᠷᠢᠨ ᠤ ᠴᠤᠯᠠ︵ᠨᠠᠷᠠᠨ ᠮᠠᠨᠳᠤᠯ︶︾᠂ ︽ᠳᠦᠳᠦᠭᠡᠷ ᠮᠤᠷᠢᠨ ᠤ ᠴᠤᠯᠠ ︵ᠨᠠᠴᠢᠨ ᠱᠤᠡᠭᠬᠤᠷ︶︾᠂ ︽ᠲᠠᠪᠤᠳᠤᠭᠠᠷ ᠮᠤᠷᠢᠨ ᠤ ᠴᠤᠯᠠ ︵ᠢᠳᠡᠷ ᠵᠠᠭᠠᠨ︶︾᠂ ︽ᠵᠢᠷᠭᠤᠳᠤᠭᠠᠷ ᠮᠤᠷᠢᠨ ᠤ ᠴᠤᠯᠠ ︵ᠬᠦᠷᠡᠡᠭ ᠪᠦᠷᠭᠦᠳ︶︾᠂ ︽ᠳᠤᠯᠤᠳᠤᠭᠠᠷ ᠮᠤᠷᠢᠨ ᠤ ᠴᠤᠯᠠ ︵ᠬᠦᠬᠡ ᠠᠷᠰᠯᠠᠨ︶︾᠂ ︽ᠨᠠᠢᠮᠠᠳᠤᠭᠠᠷ ᠮᠤᠷᠢᠨ ᠤ ᠴᠤᠯᠠ ︵ᠵᠢᠷᠭᠠᠯ︶︾᠂ ︽ᠠᠳᠠᠬ ᠮᠤᠷᠢᠨ ᠤ ᠢᠷᠦᠭᠡᠯ︾ᠭᠡᠮᠡᠨ ᠨᠢᠭᠡᠳ ᠨᠢᠭᠡ ᠪᠡᠷ ᠲᠡᠰ ᠲᠠᠷᠠᠭᠠᠯᠠᠭᠤᠯᠤᠨ ᠢᠷᠦᠭᠡᠵᠦ᠂ ᠬᠦᠮᠦᠨ ᠡᠵᠡᠨ ᠡᠴᠡ ᠨᠢ ᠠᠪᠤᠭᠠᠳ ᠬᠦᠯᠦᠭ ᠮᠤᠷᠢᠨ ᠤ ᠬᠢᠨᠢ ᠦᠡᠭᠭᠡ ᠵᠢᠰᠦ᠂ ᠰᠢᠨᠵᠢ ᠪᠠᠶᠢᠳᠠᠯ᠂ ᠬᠦᠴᠦᠨ ᠴᠢᠳᠠᠯ ᠢ ᠲᠦᠷᠰᠦᠯᠢᠭ ᠰᠠᠶᠢᠬᠠᠨ ᠮᠠᠬᠳᠠᠵᠦ᠂ ᠲᠡᠷᠡᠴᠢᠯᠡᠨ ᠵᠢᠷᠤᠭ᠎ᠠ ᠮᠤᠷᠢ ᠤᠷᠤᠯᠳᠤᠬᠰᠠᠳ ᠤᠨ ᠡᠮᠡᠭᠡᠯ ᠲᠤᠬᠤᠮ᠂ ᠭᠠᠨᠵᠤᠭ᠎ᠠ ᠳᠦᠷᠦᠭᠡ᠂ ᠨᠤᠬᠳᠦ ᠬᠠᠵᠠᠭᠠᠷ ᠬᠦᠷᠳᠡᠯ᠎ᠡ ᠦᠯᠡᠳᠡᠭᠡᠯ ᠦᠭᠡᠢ ᠮᠠᠬᠳᠠᠨ ᠢᠷᠦᠭᠡᠳᠡᠭ ᠪᠠᠶᠢᠨ᠎ᠠ᠃

 ᠵᠢᠷᠤᠭ᠎ᠠ ᠮᠤᠷᠢ ᠤᠷᠤᠯᠳᠤᠬᠤ ᠳ᠋ᠦ ᠡᠡᠭ ᠳ᠋ᠡᠭᠡᠨ ᠲᠠᠪᠤ ᠠᠷᠪᠠᠨ ᠭᠠᠵᠠᠷ ᠤᠨ ᠦᠵᠦᠭᠦᠷ ᠡᠴᠡ ᠲᠠᠯᠪᠢᠳᠠᠬ᠃ ᠡᠭᠦᠨ ᠳ᠋ᠦ ᠤᠯᠠᠡᠭᠬᠢ ᠨᠢ ᠡᠪᠦᠭᠡᠳ ᠢᠳᠡᠷᠴᠤᠳ ᠪᠠᠶᠢᠵᠦ ᠲᠠᠯᠮᠠᠨ ᠵᠢᠷᠤᠭᠠᠯᠠᠭᠤᠯᠵᠦ ᠴᠢᠳᠠᠬᠤ ᠤᠷ᠎ᠠ ᠡᠷᠳᠡᠮ ᠲᠠᠢ ᠬᠦᠮᠦᠰ ᠪᠠᠶᠢᠳᠠᠬ ᠪᠦᠭᠡᠳ ᠲᠡᠳᠡ ᠤᠨᠤᠬᠤ ᠮᠤᠷᠢ ᠪᠠᠨ ᠪᠦᠷᠢᠨ ᠬᠦᠢᠴᠡᠳ ᠡᠮᠡᠭᠡᠯᠯᠡᠵᠦ ᠲᠤᠬᠤᠮᠯᠠᠭᠠᠳ ᠭᠤᠶᠤ ᠰᠠᠶᠢᠬᠠᠨ ᠴᠢᠮᠡᠵᠦ ᠵᠠᠰᠠᠬᠰᠠᠨ ᠪᠠᠶᠢᠳᠠᠬ᠃ ᠵᠢᠷᠤᠭ᠎ᠠ ᠮᠤᠷᠢ ᠪᠤᠯ ᠭᠤᠤᠯᠳᠠᠭᠤ ᠲᠡᠭᠦᠨ ᠤ ᠬᠦᠯ ᠤᠨ ᠡᠷᠳᠡᠮ ᠢᠶᠡᠨ ᠬᠢᠷᠢ ᠵᠡᠷᠭᠡ ᠭᠠᠶᠢᠬᠠᠭᠤᠯᠵᠦ ᠪᠠᠶᠢᠬᠤ ᠶᠢ ᠰᠢᠯᠭᠠᠬᠤ ᠪᠡᠷ ᠦᠯᠦ ᠪᠠᠷᠠᠮ ᠬᠤᠷᠳᠤᠴᠠ ᠶᠢᠨ ᠲᠠᠯ᠎ᠠ ᠪᠡᠷ ᠴᠦ ᠱᠠᠭᠠᠷᠳᠠᠳᠠᠬ᠃ ᠬᠡᠷᠪᠡ ᠡᠶᠢᠮᠦᠷᠬᠦ ᠤᠷᠤᠯᠳᠤᠭᠠᠨ ᠳ᠋ᠦ ᠤᠷᠤᠴᠢᠬᠠᠭᠠᠳ ᠮᠤᠷᠢ ᠪᠠᠨ ᠵᠠᠮ ᠳᠤᠮᠳᠠ ᠨᠢ ᠵᠤᠬᠰᠤᠭᠠᠴᠢᠬᠠᠬᠤ ᠪᠤᠶᠤ ᠡᠰᠡᠭᠦᠯ᠎ᠡ ᠭᠡᠨᠡᠳᠳᠡ ᠬᠦᠯ ᠠᠯᠠᠳᠠᠬᠳᠠᠨ ᠦᠭᠡᠷ᠎ᠡ ᠭᠦᠶᠦᠳᠡᠯ ᠶᠠᠪᠤᠭ᠎ᠠ ᠳ᠋ᠦ ᠤᠷᠤᠪᠠᠯ ᠲᠦᠷᠢᠮ ᠵᠦᠷᠢᠴᠡᠭᠰᠡᠨ ᠳ᠋ᠦ ᠲᠤᠭᠠᠴᠠᠵᠦ᠂ ᠱᠠᠡᠭ ᠬᠡᠰᠢᠭ ᠬᠦᠷᠳᠡᠬᠦ ᠦᠭᠡᠢ ᠪᠤᠯᠳᠠᠬ᠃

 ᠲᠤᠭᠤᠢ ᠤᠷᠤᠯᠳᠤᠭᠠᠨ ᠭᠡᠳᠡᠭ ᠨᠢ ᠦᠵᠡᠭᠴᠢᠳ ᠰᠤᠨᠢᠷᠬᠠᠬᠴᠢᠳ ᠲᠦ ᠲᠦᠭᠦᠮ ᠦᠵᠡᠭᠦᠯᠬᠦ ᠶᠢᠨ ᠲᠤᠰᠠᠳᠠ ᠳᠤᠪᠤᠷᠬᠠᠬ ᠭᠠᠵᠠᠷ ᠢ ᠲᠤᠭᠤᠷᠢᠨ ᠤᠷᠤᠯᠳᠤᠬᠤ ᠶᠢ ᠬᠡᠯᠡᠵᠦ ᠪᠠᠶᠢᠨ᠎ᠠ᠃ ᠦᠷᠢᠶ᠎ᠡ ᠲᠠᠭ᠎ᠠ ᠤᠷᠤᠯᠳᠤᠬᠤ ᠳ᠋ᠦ ᠠᠬᠳᠠ ᠮᠤᠷᠢᠳ ᠤᠷᠤᠬᠤ ᠦᠭᠡᠢ ᠮᠦᠷᠳᠡᠬᠡᠨ ᠢᠳᠡᠷ ᠵᠠᠯᠠᠭᠤ ᠬᠦᠮᠦᠰ ᠴᠦ ᠤᠨᠤᠳᠠᠬ ᠦᠭᠡᠢ᠃ ᠤᠷᠳᠤᠰ ᠲᠦ ︽ᠬᠠᠭᠤᠷᠮᠠᠬ ᠤᠤᠭᠤᠯᠭᠠᠨ᠎ᠠ︾ᠭᠡᠵᠦ ᠬᠠᠮᠤᠬ ᠤᠨ ᠰᠡᠭᠦᠯ ᠳ᠋ᠦ ᠳᠤᠪᠲᠤᠯᠵᠦ ᠢᠷᠡᠭᠰᠡᠨ ᠬᠦᠮᠦᠨ ᠮᠤᠷᠢ ᠶᠢ ᠶᠡᠬᠡᠪᠡᠷ ᠮᠢᠯᠢᠶᠠᠵᠦ ᠶᠠᠮᠠᠷᠪᠠ ᠮᠠᠯ ᠠᠳᠤᠭᠤᠰᠤᠨ ᠤ ᠪᠤᠶᠠᠨ ᠬᠡᠰᠡᠭ ᠢ ᠭᠡᠭᠡᠭᠳᠡᠯ ᠦᠭᠡᠢ ᠬᠤᠷᠢᠶᠠᠨ ᠠᠪᠴᠢᠷᠠᠯ᠎ᠠ ᠭᠡᠮᠡᠨ ᠤᠨᠤᠬᠰᠠᠨ ᠬᠦᠮᠦᠨ ᠳ᠋ᠤᠨᠢ ᠨᠢᠭᠡ ᠠᠶᠠᠭ᠎ᠠ ᠬᠠᠭᠤᠷᠮᠠᠬ ᠴᠠᠭ᠎ᠠ ᠤᠤᠭᠤᠯᠭᠠᠳᠠᠬ ᠪᠦᠭᠡᠳ ᠪᠠᠰᠠ ᠱᠠᠡᠭ ᠬᠡᠰᠢᠭ ᠬᠦᠷᠭᠡᠳᠡᠭ ᠪᠠᠶᠢᠨ᠎ᠠ᠃

 ᠡᠶᠢᠨᠬᠦ ᠢᠷᠦᠭᠡᠵᠦ ᠮᠢᠯᠢᠶᠠᠨ᠂ ᠤᠶᠠᠡᠭᠭᠠᠯᠠᠵᠦ ᠮᠠᠬᠳᠠᠭᠠᠳ ᠲᠠᠭᠤᠰᠪᠠᠯ ᠱᠠᠡᠭᠨᠠᠯ ᠤᠯᠭᠤᠵᠦ ᠨᠠᠭᠠᠳᠤᠮ ᠦᠭᠡᠷ᠎ᠡ ᠨᠢᠭᠡᠨ ᠠᠭᠤᠯᠭ᠎ᠠ ᠳ᠋ᠦ ᠰᠢᠯᠵᠢᠨ᠎ᠡ᠃ ᠱᠠᠡᠭᠨᠠᠯ ᠤᠯᠭᠤᠬᠤ ᠳ᠋ᠠᠭᠠᠨ ᠡᠡᠭ ᠳ᠋ᠡᠭᠡᠨ ᠴᠦᠬᠡᠨ ᠮᠤᠷᠢ ᠤᠷᠤᠯᠳᠤᠪᠠᠯ ᠲᠡᠷᠢᠭᠦᠨ ᠤ ᠠᠷᠪᠠᠨ ᠮᠤᠷᠢ ᠶᠢ ᠱᠠᠡᠭᠨᠠᠳᠠᠬ᠃ ᠡᠭᠦᠨ ᠳ᠋ᠦ ᠲᠡᠷᠢᠭᠦᠨ ᠮᠤᠷᠢᠨ ᠤ ᠡᠵᠡᠨ ᠳ᠋ᠦ ᠮᠤᠷᠢ᠂ ᠲᠡᠳ᠋ ᠮᠤᠷᠢᠨ ᠤ ᠡᠮᠡᠭᠡᠯ ᠬᠠᠵᠠᠭᠠᠷ᠂ ᠭᠤᠳᠠᠭᠠᠷ ᠮᠤᠷᠢᠨ ᠳᠦ ᠬᠡᠪ ᠤᠨ ᠴᠠᠢ᠂ ᠲᠤᠷᠭᠠᠨ ᠪᠦᠰᠡ ᠭᠡᠬᠦ ᠮᠡᠳᠦ ᠪᠡᠷ ᠲᠡᠰ ᠲᠠᠷᠠᠭᠠᠯᠠᠨ ᠨᠠᠶᠢᠷ ᠨᠠᠭᠠᠳᠤᠮ ᠤᠨ ᠪᠡᠯᠡᠳᠭᠡᠯ ᠵᠦᠢᠯ ᠢᠶᠡᠨ ᠦᠵᠡᠵᠦ ᠱᠠᠡᠭᠨᠠᠳᠠᠬ᠃

 ᠬᠡᠷᠪᠡ ᠬᠤᠶᠠᠷ ᠮᠤᠷᠢ ᠡᠴᠦᠰ ᠤᠨ ᠰᠢᠯᠭᠠᠷᠠᠭᠤᠯᠬᠤ ᠤᠳᠠᠰᠤᠨ ᠲᠡᠭᠡᠷ᠎ᠡ ᠵᠡᠷᠭᠡᠴᠡᠵᠦ ᠬᠦᠷᠪᠡᠯ ᠵᠦᠪ ᠲᠠᠯ᠎ᠠ ᠪᠡᠷ ᠤᠴᠢᠬᠰᠠᠨ ᠮᠤᠷᠢ ᠶᠢ ᠲᠦᠷᠦᠭᠦᠯᠡᠭᠰᠡᠨ ᠢᠶᠡᠷ ᠲᠤᠭᠠᠴᠠᠬᠤ ᠳᠦᠷᠢᠮ ᠲᠠᠢ᠃ ᠤᠴᠢᠷ ᠨᠢ ᠳᠡᠭᠡᠷ᠎ᠡ ᠳᠤᠷᠠᠳᠤᠬᠰᠠᠨ ᠲᠠᠭᠠᠷᠢᠵᠦ ᠭᠠᠷᠬᠤ ᠮᠤᠷᠢ ᠵᠠᠪᠠᠯ ᠵᠦᠪ ᠲᠠᠯ᠎ᠠ ᠪᠡᠷ ᠨᠢ ᠲᠠᠪᠠᠵᠦ ᠭᠠᠷᠬᠤ ᠭᠡᠳᠡᠭ ᠲᠦᠷᠢᠮ ᠲᠠᠢ ᠪᠠᠨ ᠳᠤᠬᠢᠷᠠᠯᠴᠠᠬᠤ ᠶᠤᠮ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ