ᠲᠠᠷᠪᠤᠰ ᠪᠤᠯ ᠵᠤᠨ ᠤ ᠤᠯᠠᠷᠢᠯ ᠳ᠋ᠦ ᠬᠠᠮᠤᠬ ᠲᠤᠬᠢᠷᠠᠬᠤ ᠵᠢᠮᠢᠰ ᠤᠨ ᠵᠦᠢᠯ ᠪᠤᠯᠤᠨ᠎ᠠ᠂ ᠰᠢᠳᠠᠮ᠎ᠠ ᠬᠠᠯᠠᠭᠤᠨ ᠡᠳᠦᠷ ᠨᠢᠭᠡ ᠬᠡᠰᠡᠭ  ᠲᠠᠷᠪᠤᠰ ᠢᠳᠡᠪᠡᠯ᠂ ᠬᠠᠯᠠᠭᠤᠨ ᠢ ᠲᠠᠶᠢᠯᠵᠦ᠂ ᠤᠮᠳᠠ ᠳᠠᠷᠤᠨ᠎ᠠ᠃ ᠠᠡᠭᠭᠯᠢ ᠶᠢᠨ ︽ᠡᠳᠦᠷ ᠪᠦᠷᠢ ᠶᠢᠨ ᠰᠢᠤᠳᠠᠨ ᠰᠤᠨᠢᠨ︾ᠲᠠᠷᠪᠤᠰ ᠤᠨ ᠲᠠᠪᠤᠨ ᠰᠠᠶᠢᠨ ᠲᠠᠯ᠎ᠠ ᠶᠢ ᠳ᠋ᠦᠡᠭᠨᠡᠭᠰᠡᠨ ᠪᠠᠶᠢᠯ᠎ᠠ᠄

1.ᠠᠷᠠᠰᠤᠨ ᠤ ᠠᠲᠤᠷᠢᠶ᠎ᠠ ᠰᠠᠭᠤᠬᠤ ᠶᠢ ᠤᠷᠢᠳᠴᠢᠯᠠᠨ ᠰᠡᠷᠬᠡᠶᠢᠯᠡᠨ᠎ᠡ᠃ ᠤᠯᠠᠭᠠᠨ ᠲᠠᠷᠪᠤᠰ ᠲᠦ ᠶᠡᠬᠡ ᠬᠡᠮᠵᠢᠶᠡᠨ ᠤ βᠯᠤᠤᠪᠠᠡᠭ ᠤᠨ ᠡᠳ᠋ ᠠᠭᠤᠯᠤᠬᠳᠠᠵᠦ᠂ ᠬᠦᠮᠦᠨ ᠤ ᠪᠡᠶ᠎ᠡ ᠶᠢᠨ ᠳᠤᠲᠤᠭᠠᠳᠦ ᠳ᠋ᠦ ᠸᠢᠲ᠋ᠠᠮᠢᠨ A ᠪᠤᠯᠤᠨ ᠬᠤᠪᠢᠷᠠᠵᠦ᠂ ᠠᠷᠠᠰᠤᠨ ᠤ ᠭᠠᠳᠠᠭᠠᠳᠦ ᠤᠷᠴᠢᠨ ᠤ ᠪᠠᠺᠲ᠋ᠧᠷᠢ ᠶᠢ ᠡᠰᠡᠷᠭᠦᠴᠡᠬᠦ ᠴᠢᠳᠠᠪᠤᠷᠢ ᠶᠢ ᠲᠡᠭᠡᠭᠰᠢᠯᠡᠭᠦᠯᠳᠡᠭ᠃βᠯᠤᠤᠪᠠᠡᠭ ᠤᠨ ᠡᠳ᠋ ᠲᠡᠷᠡ ᠪᠡᠶ᠎ᠡ ᠪᠡᠷ ᠢᠶᠡᠨ ᠢᠰᠦᠯᠳᠦᠭᠦᠯᠦᠭᠴᠢ ᠶᠢ ᠡᠰᠡᠷᠭᠦᠴᠡᠬᠦ ᠡᠳ᠋ ᠮᠦᠨ᠂ ᠠᠷᠠᠰᠤᠨ ᠤ ᠠᠲᠤᠷᠢᠶ᠎ᠠ ᠰᠠᠭᠤᠬᠤ ᠶᠢ ᠰᠡᠷᠬᠡᠶᠢᠯᠡᠬᠦ ᠳ᠋ᠦ ᠲᠤᠰᠠᠲᠠᠢ᠃ ᠡᠭᠦᠨ ᠡᠴᠡ ᠭᠠᠳᠠᠨ᠎ᠠ᠂ ᠲᠠᠷᠪᠤᠰ ᠪᠤᠯ ᠤᠰᠤ ᠨᠦᠬᠦᠬᠦ ᠰᠠᠶᠢᠨ ᠰᠤᠡᠭᠭᠤᠯᠲᠠ ᠪᠠᠶᠢᠵᠦ᠂ ᠪᠡᠶ᠎ᠡ ᠶᠢᠨ ᠳᠤᠳᠤᠭᠠᠳᠦ ᠶᠢᠨ ᠬᠠᠶᠠᠬᠳᠠᠮᠠᠯ ᠪᠤᠳᠠᠰ ᠪᠤᠯᠤᠨ ᠬᠤᠤᠷᠲᠦ ᠡᠳ᠋ ᠢ ᠭᠠᠳᠠᠬᠰᠢᠯᠠᠭᠤᠯᠬᠤ ᠳ᠋ᠦ ᠲᠤᠰᠠᠲᠠᠢ ᠪᠠᠶᠢᠳᠠᠬ᠃

2.ᠰᠠ ᠡᠪᠡᠳᠴᠢᠨ ᠢ ᠰᠡᠷᠬᠡᠶᠢᠯᠡᠬᠦ ᠳ᠋ᠦ ᠲᠤᠰᠠᠲᠠᠢ᠃ ᠲᠠᠷᠪᠤᠰ ᠪᠤᠯ ᠲᠦᠪᠡᠳ ᠬᠠᠰᠢ ᠶᠢᠨ ᠤᠯᠠᠭᠠᠨ ᠡᠳ᠋ ᠤᠨ ︽ᠲᠤᠮᠤ ᠡᠷᠦᠬᠡ︾ᠮᠦᠨ᠃ ᠲᠦᠪᠡᠳ ᠬᠠᠰᠢ ᠶᠢᠨ ᠤᠯᠠᠭᠠᠨ ᠡᠳ᠋ ᠴᠢᠰᠦᠨ ᠰᠤᠳᠠᠯ ᠢ ᠰᠠᠶᠢᠵᠢᠷᠠᠭᠤᠯᠬᠤ ᠳ᠋ᠦ ᠲᠤᠰᠠᠯᠠᠬᠤ ᠴᠢᠳᠠᠪᠤᠷᠢ ᠲᠠᠢ᠂ ᠰᠦᠰᠦᠨ ᠤ ᠭᠤᠨᠠᠨ ᠠᠯᠺᠤᠤᠯ ᠡᠴᠡ ᠴᠢᠰᠤᠨ ᠰᠤᠳᠠᠯ ᠤᠨ ᠡᠷᠡᠭᠦᠯ ᠮᠡᠨᠳᠦ ᠳ᠋ᠦ ᠦᠵᠡᠭᠦᠯᠬᠦ ᠰᠦᠷᠳᠡᠭᠦᠯᠦᠯ ᠢ ᠪᠠᠭᠠᠰᠬᠠᠳᠠᠬ᠃ ᠰᠤᠳᠤᠯᠭᠠᠨ ᠢᠯᠡᠷᠡᠭᠦᠯᠦᠭᠰᠡᠨ ᠢᠶᠡᠷ᠂ ᠶᠡᠷᠦ ᠳ᠋ᠡᠭᠡᠨ ᠲᠦᠪᠡᠳ ᠬᠠᠰᠢ ᠶᠢᠨ ᠤᠯᠠᠭᠠᠨ ᠡᠳ᠋ ᠤᠨ ᠠᠭᠤᠯᠤᠬᠳᠠᠴᠠ ᠶᠡᠬᠡ ᠢᠳᠡᠭᠡᠨ ᠨᠢ ᠰᠠ ᠡᠪᠡᠳᠴᠢᠨ ᠤ ᠲᠦᠭᠰᠢᠭᠦᠷᠢ ᠶᠢ ᠪᠠᠷᠤᠬ 20% ᠪᠡᠷ ᠳᠤᠷᠤᠬᠰᠢᠯᠠᠭᠤᠯᠵᠦ ᠲᠡᠶᠢᠯᠦᠨ᠎ᠡ᠃

3.ᠲᠠᠬᠰᠢᠭᠤᠷ ᠢ ᠰᠡᠷᠬᠡᠶᠢᠯᠡᠨ᠎ᠡ᠃ ᠲᠦᠪᠡᠳ ᠬᠠᠰᠢ ᠶᠢᠨ ᠤᠯᠠᠭᠠᠨ ᠡᠳ᠋ ᠪᠤᠯ ᠮᠦᠨᠴᠦ ᠨᠢᠭᠡ ᠵᠦᠢᠯ ᠤᠨ ᠢᠰᠦᠯᠳᠦᠭᠦᠯᠦᠭᠴᠢ ᠶᠢ ᠡᠰᠡᠷᠭᠦᠴᠡᠬᠦ ᠡᠳ᠋ ᠮᠦᠨ᠂ ᠲᠡᠷᠡ ᠨᠢ ᠪᠠᠺᠲ᠋ᠧᠷᠢ ᠶᠢ ᠡᠰᠡᠷᠭᠦᠴᠡᠬᠦ ᠰᠢᠰᠲ᠋ᠧᠮ ᠤᠨ ᠡᠷᠡᠭᠦᠯ ᠮᠡᠳᠦ ᠳ᠋ᠦ ᠠᠰᠢᠬᠲᠠᠢ ᠪᠠᠶᠢᠵᠦ᠂ ᠲᠠᠬᠰᠢᠭᠤᠷ ᠲᠦ ᠨᠡᠷᠪᠡᠭᠳᠡᠬᠦ ᠨᠤᠷᠮ᠎ᠡ ᠶᠢ ᠳᠤᠷᠤᠬᠰᠢᠯᠠᠭᠤᠯᠳᠠᠬ᠃

4.ᠪᠤᠯᠴᠢᠡᠭ ᠢ ᠰᠤᠯᠠᠷᠠᠭᠤᠯᠤᠨ᠎ᠠ᠃ ᠲᠠᠷᠪᠤᠰ ᠲᠦ ᠺᠠᠯᠢ ᠡᠯᠪᠡᠭ ᠠᠭᠤᠯᠤᠬᠳᠠᠵᠦ᠂ ᠮᠡᠳᠡᠷᠡᠯ ᠤᠨ ᠰᠢᠰᠲ᠋ᠧᠮ ᠢ ᠵᠤᠬᠢᠴᠠᠭᠤᠯᠬᠤ ᠳ᠋ᠦ ᠲᠤᠰᠠᠯᠠᠵᠦ᠂ ᠪᠤᠯᠴᠢᠡᠭ ᠢ ᠰᠤᠯᠠᠷᠠᠭᠤᠯᠤᠨ᠎ᠠ᠃ ᠺᠠᠯᠢ ᠨᠢ ᠪᠠᠰᠠ ᠪᠡᠶ᠎ᠡ ᠶᠢᠨ ᠳᠤᠲᠤᠭᠠᠳᠤᠬᠢ ᠰᠢᠮ᠎ᠡ ᠲᠡᠵᠢᠭᠡᠯ ᠤᠨ ᠪᠦᠳᠦᠮᠵᠢ ᠲᠠᠢ ᠠᠰᠢᠬᠯᠠᠯᠲᠠ ᠳ᠋ᠦ ᠲᠤᠰᠠᠯᠠᠵᠦ᠂ ᠠᠷᠤᠬ ᠶᠠᠰᠤ ᠪᠠ ᠦᠶ᠎ᠡ ᠭᠡᠰᠢᠭᠦᠦ ᠶᠢ ᠴᠢᠡᠭᠭᠠᠷᠠᠭᠤᠯᠤᠨ᠎ᠠ᠃

5.ᠲᠠᠷᠢᠬᠢᠨ ᠤ ᠴᠢᠳᠠᠪᠬᠢ ᠶᠢ ᠨᠦᠬᠦᠨ᠎ᠡ᠂ ᠲᠠᠷᠪᠤᠰ ᠲᠦ ᠰᠦᠰᠦᠨ ᠱᠦᠯᠲᠦ ᠠᠭᠤᠯᠠᠵᠦ ︵B ᠲᠦᠷᠦᠯ ᠤᠨ ᠸᠢᠲ᠋ᠠᠮᠢᠨ ᠳ᠋ᠦ ᠪᠠᠬᠲᠠᠨ᠎ᠠ︶᠂ ᠠᠮᠢᠳᠤ ᠪᠤᠳᠠᠰ ᠤᠨ ᠴᠠᠬ ᠵᠤᠬᠢᠴᠠᠭᠤᠯᠬᠤ ᠳ᠋ᠦ ᠲᠤᠰᠠᠯᠠᠵᠦ᠂ ᠶᠡᠬᠡ ᠲᠠᠷᠢᠬᠢ ᠶᠢ ᠰᠤᠷᠭᠤᠬᠵᠢᠭᠤᠯᠵᠦ᠂ ᠠᠡᠭᠬᠠᠷᠬᠤ ᠴᠢᠳᠠᠪᠤᠷᠢ ᠪᠠ ᠴᠡᠭᠡᠵᠢᠯᠡᠬᠦ ᠴᠢᠳᠠᠪᠤᠷᠢ ᠶᠢ ᠲᠡᠭᠡᠭᠰᠢᠯᠡᠭᠦᠯᠳᠡᠭ᠃

 ᠲᠠᠷᠪᠤᠰ ᠨᠢ ᠵᠤᠨ ᠤ ᠤᠯᠠᠷᠢᠯ ᠳ᠋ᠦ ᠬᠠᠯᠠᠭᠤᠨ ᠢ ᠲᠠᠶᠢᠯᠵᠦ᠂ ᠤᠮᠳᠠ ᠳᠠᠷᠤᠳᠠᠬ ᠲᠡᠭᠡᠳᠦ ᠢᠳᠡᠭᠡᠨ ᠪᠦᠭᠡᠳ ᠤᠯᠠᠨ ᠠᠷᠪᠢᠨ ᠡᠷᠡᠭᠦᠯ ᠮᠡᠨᠳᠦ ᠳ᠋ᠦ ᠠᠰᠢᠬᠲᠠᠢ ᠲᠠᠯ᠎ᠠ ᠪᠠᠶᠢᠳᠠᠬ ᠪᠤᠯᠪᠠᠴᠦ᠂ ᠤᠯᠠᠨ ᠳ᠋ᠦ ᠰᠠᠨᠠᠭᠤᠯᠬᠤ ᠴᠢᠬᠤᠯᠠᠲᠠᠢ ᠵᠦᠢᠯ ᠪᠤᠢ᠄ ᠲᠡᠷᠪᠤᠰ ᠢ ᠬᠡᠮᠵᠢᠶ᠎ᠡ ᠳᠤᠮᠵᠢᠶ᠎ᠠ ᠲᠠᠢ ᠢᠳᠡᠪᠡᠯ ᠰᠠᠶ᠋ᠢ ᠡᠷᠡᠭᠦᠯ ᠮᠡᠨᠳᠦ ᠳ᠋ᠦ ᠠᠰᠢᠬᠲᠠᠢ ᠪᠠᠶᠢᠳᠠᠬ᠃ ᠲᠠᠷᠪᠤᠰ ᠤᠨ ᠺᠠᠯᠢ ᠶᠢᠨ ᠠᠭᠤᠯᠤᠬᠳᠠᠴᠠ ᠨᠡᠯᠢᠶᠡᠳ ᠦᠨᠳᠦᠷ ᠮᠦᠷᠳᠡᠬᠡᠨ ᠪᠠᠰᠠ ᠦᠨᠳᠦᠷ ᠬᠡᠮᠵᠢᠶᠡᠨ ᠤ ᠰᠢᠬᠢᠷ ᠠᠭᠤᠯᠤᠬᠳᠠᠬᠤᠨ ᠲᠠᠢ ᠵᠢᠮᠢᠰ ᠪᠤᠯᠬᠤᠷ᠂ ᠳᠤᠲᠤᠷ ᠪᠦᠭᠡᠷ᠎ᠡ ᠪᠤᠯᠤᠨ ᠡᠯᠢᠭᠡᠨ ᠳ᠋ᠦ ᠠᠨᠠᠢ ᠪᠠᠶᠢᠵᠦ᠂ ᠰᠢᠬᠢᠷ ᠰᠢᠵᠢᠡᠭ ᠡᠪᠡᠳᠴᠢᠲᠡᠨ ᠪᠤᠯ ᠬᠡᠮᠵᠢᠶ᠎ᠡ ᠶᠢ ᠨᠡᠡᠭ ᠴᠦ ᠰᠠᠶᠢᠨ ᠡᠵᠡᠮᠳᠡᠬᠦ ᠬᠡᠷᠡᠭᠲᠡᠢ᠃ ᠬᠢᠳᠠᠳ ᠡᠮᠨᠡᠯᠭᠡ ᠶᠢᠨ ᠡᠭᠦᠳᠡᠨ ᠡᠴᠡ ᠠᠪᠴᠦ ᠬᠡᠯᠡᠪᠡᠯ᠂ ᠲᠠᠷᠪᠤᠰ ᠪᠤᠯ ᠬᠦᠢᠲᠡᠨ ᠴᠢᠨᠠᠷ ᠲᠠᠢ ᠵᠢᠮᠢᠰ ᠲᠦ ᠪᠠᠬᠳᠠᠬᠤ ᠪᠤᠯᠬᠤᠷ᠂ ᠮᠠᠬᠠᠪᠤᠳ ᠨᠢ ᠬᠦᠢᠳᠡᠨ ᠬᠡᠢ ᠲᠠᠢ ᠬᠦᠮᠦᠨ ᠶᠠᠭᠠᠬᠢᠬᠰᠠᠨ ᠴᠦ ᠬᠤᠪᠳᠤᠬᠯᠠᠵᠦ ᠪᠤᠯᠬᠤ ᠦᠭᠡᠢ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ