ᠢᠰᠷᠸ᠋ᠯ ‍ᠤᠨ ᠲᠸ᠋ᠯᠠᠸᠢᠹ ᠶᠡᠭᠡ ᠰᠤᠷᠭᠠᠭᠤᠯᠢ ᠶᠢᠨ ᠺᠸᠢ ᠡᠯ ᠠᠨᠠᠭᠠᠬᠤ᠋ ᠤᠬᠠᠭᠠᠨ ‍ᠤ᠋ ᠲᠦᠪ ‍ᠤᠨ ᠰᠤᠳᠤᠯᠭᠠᠨ ᠳ᠋ᠤ ᠢᠯᠡᠷᠡᠬᠦᠯᠦᠭ᠍ᠰᠡᠨ ‍ᠢᠶ᠋ᠠᠷ ᠂ ᠵᠠᠵᠢᠯᠤᠭᠤᠷ ᠰᠢᠬᠢᠷ ᠵᠠᠵᠢᠯᠬᠤ᠋ ᠳᠤᠷᠠᠳᠠᠢ 87% ‍ᠤᠨ ᠵᠠᠯᠠᠭᠤᠴᠤᠳ ᠪᠠᠭᠠᠴᠤᠳ ᠵᠠᠵᠢᠯᠤᠭᠤᠷ ᠰᠢᠬᠢᠷ ᠵᠠᠵᠢᠯᠬᠤ᠋ ᠪᠠᠨ ᠪᠤᠯᠢᠬᠰᠠᠨ ‍ᠤ᠋ ᠳᠠᠷᠠᠭ᠎ᠠ ᠳᠤᠯᠤᠭᠠᠢ ᠡᠪᠡᠳᠬᠦ ᠨᠢ ᠡᠮᠨᠡᠬᠦ ᠦᠭᠡᠢ ᠪᠠᠷ ᠠᠶᠠᠨᠳᠠᠭᠠᠨ ᠡᠳᠡᠭᠡᠷᠡᠴᠢᠭᠡᠳᠡᠭ ᠃ ᠵᠠᠷᠢᠮ ᠭᠡᠤᠭᠡᠳ ᠦᠷᠬᠦᠯᠵᠢ ᠳᠤᠯᠤᠭᠠᠢ ᠡᠪᠡᠳᠦᠨ ᠂ ᠵᠠᠯᠠᠭᠤ᠋ ᠨᠠᠰᠤᠨ ᠳ᠋ᠤ ᠬᠦᠷᠦᠭ᠍ᠰᠡᠭᠡᠷ ᠪᠦᠷ ᠨᠡᠢᠢᠳᠡᠮ ‍ᠤᠨ ᠴᠢᠨᠠᠷᠳᠠᠢ ᠪᠤᠯᠵᠤ᠋ ᠂ ᠡᠮᠡᠭ᠍ᠳᠡᠢ ᠭᠡᠤᠭᠡᠳ ᠨᠠᠩ ᠬᠦᠨᠳᠦ ᠨᠤᠴᠢᠳᠠᠢ ᠪᠤᠯᠳᠠᠭ ᠃ ᠰᠡᠳᠬᠢᠯ ‍ᠤᠨ ᠲᠠᠷᠤᠭᠠᠰᠦ ᠂ ᠶᠠᠳᠠᠷᠠᠬᠤ᠋ ᠂ ᠨᠤᠢᠢᠷ ᠳᠤᠳᠠᠭᠤ᠋ ᠂ ᠭᠡᠳᠦ ᠬᠠᠯᠠᠭᠤᠴᠠᠬᠤ᠋ ᠂ ᠳᠤᠭᠯᠠᠭᠠᠮ ᠨᠠᠭᠠᠳᠬᠤ᠋ ᠂ ᠱᠤᠤᠬᠢᠶᠠᠨ ᠂ ᠨᠠᠷᠠᠨ ‍ᠤ᠋ ᠭᠡᠷᠡᠯ ᠂ ᠳᠠᠮᠠᠬᠢ ᠳᠠᠳᠠᠬᠤ᠋ ᠂ ᠢᠳᠡᠵᠤ᠋ ᠤᠤᠭᠤᠬᠤ᠋ ᠨᠢ ᠵᠢᠮ‌᠎ᠠ ᠦᠭᠡᠢ ᠵᠢᠴᠢ ᠰᠠᠷ‌᠎ᠠ ᠶᠢᠨ  ᠭᠬᠢᠷ ᠵᠡᠷᠭᠡ ᠨᠢ ᠴᠦᠮ ᠳᠤᠯᠤᠭᠠᠢ ᠡᠪᠡᠳᠦᠬᠦᠯᠵᠦ ᠮᠡᠳᠡᠨ᠎ᠡ ᠃

  ᠰᠤᠳᠤᠯᠭᠠᠳᠠᠳ 6-19 ᠨᠠᠰᠤᠨ ᠤ ᠦᠷᠬᠦᠯᠵᠢ ᠲᠤᠯᠤᠭᠠᠢ ᠡᠪᠡᠳᠳᠡᠭ ᠮᠦᠷᠳᠡᠬᠡᠨ ᠵᠠᠵᠢᠯᠤᠭᠤᠷ ᠰᠢᠬᠢᠷ ᠵᠠᠵᠢᠯᠬᠤ ᠲᠠᠳᠬᠠᠯ ᠲᠠᠢ 52 ᠰᠠᠶᠢᠨ ᠳᠤᠷᠠᠴᠤᠤᠯ ᠢ ᠤᠷᠤᠯᠴᠠᠭᠤᠯᠪᠠ᠃ ᠲᠡᠭᠡᠭᠡᠳ ᠰᠠᠶᠢᠨ ᠳᠤᠷᠠᠴᠤᠤᠯ ᠤᠨ ᠵᠠᠵᠢᠯᠤᠭᠤᠷ ᠰᠢᠬᠢᠷ ᠢ ᠨᠢ ᠨᠢᠭᠡ ᠰᠠᠷ᠎ᠠ ᠵᠤᠬᠰᠤᠭᠠᠬᠰᠠᠨ ᠤ ᠳ᠋ᠦᠡᠭ ᠳ᠋ᠦ᠂ 26 ᠬᠦᠮᠦᠨ ᠤ ᠳᠤᠯᠤᠭᠠᠢ ᠡᠪᠡᠳᠬᠦ ᠨᠢ ᠢᠯᠡᠳᠳᠡ ᠰᠠᠶᠢᠵᠢᠷᠠᠵᠦ᠂ 19 ᠬᠦᠮᠦᠨ ᠤ ᠪᠦᠷᠢᠮᠦᠰᠦᠨ ᠢᠯᠡᠷᠢᠰᠢᠵᠦ᠂ ᠦᠯᠡᠳᠡᠭᠰᠡᠨ 7 ᠬᠦᠮᠦᠨ ᠤ ᠲᠤᠯᠤᠭᠠᠢ ᠡᠪᠡᠳᠬᠦ ᠲᠠᠪᠳᠠᠮᠵᠢ ᠨᠢ ᠴᠦᠬᠡᠷᠡᠵᠦ ᠬᠦᠡᠭᠭᠡᠷᠡᠪᠡ᠃ ᠵᠠᠯᠭᠠᠭᠠᠳ ᠰᠤᠳᠤᠯᠭᠠᠳᠠᠳ ᠲᠤᠯᠤᠭᠠᠢ ᠡᠪᠡᠳᠬᠦ ᠨᠢ ᠢᠯᠡᠳᠳᠡ ᠰᠠᠶᠢᠵᠢᠷᠠᠬᠰᠠᠨ 20 ᠰᠠᠶᠢᠨ ᠳᠤᠷᠠᠴᠤᠤᠯ ᠢᠶᠡᠷ ᠵᠠᠵᠢᠯᠤᠭᠤᠷ ᠰᠢᠬᠢᠷ ᠵᠠᠵᠢᠯᠠᠬᠤ ᠶᠢ ᠨᠢ ᠰᠡᠷᠭᠦᠭᠡᠭᠡᠳ ᠬᠤᠶᠠᠷ ᠭᠠᠷᠠᠬ ᠪᠤᠯᠤᠬᠰᠠᠨ ᠤ ᠳᠠᠷᠠᠭ᠎ᠠ ᠲᠡᠳᠡᠨ ᠤ ᠲᠤᠯᠤᠭᠠᠢ ᠡᠪᠡᠳᠬᠦ ᠭᠡᠮ ᠨᠢ ᠳᠤᠤᠷ᠎ᠠ ᠪᠠᠨ ᠬᠦᠳᠡᠯᠵᠡᠢ᠃

 ᠵᠠᠵᠢᠯᠤᠭᠤᠷ ᠰᠢᠬᠢᠷ ᠵᠠᠵᠢᠯᠬᠤ ᠨᠢ ᠡᠷᠡᠤ ᠶᠢᠨ ᠦᠶ᠎ᠡ ᠶᠢ ᠠᠬᠢᠨ ᠳᠠᠬᠢᠨ ᠬᠦᠳᠡᠯᠭᠡᠨ ᠰᠡᠳᠭᠢᠯ ᠤᠨ ᠲᠠᠷᠤᠭᠠᠰᠦ ᠶᠢ ᠨᠢ ᠨᠡᠮᠡᠭᠳᠡᠭᠦᠯᠵᠦ᠂ ᠡᠭᠦᠨ ᠤ ᠤᠯᠠᠮ ᠡᠴᠡ ᠲᠤᠯᠤᠭᠠᠢ ᠡᠪᠡᠳᠦᠭᠦᠯᠳᠡᠭ ᠪᠠᠶᠢᠨ᠎ᠠ︔

QQ截图20170703134643.png

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ