ᠡᠧᠡᠭᠬᠢ ᠬᠤᠰᠢᠭᠤᠨ ᠤ ᠬᠤᠢ ᠰᠤᠮᠤᠨ ᠳ᠋ᠦ ᠲᠦᠷᠦᠵᠦ ᠦᠰᠴᠦ᠂ ᠡᠧᠡᠭᠬᠢ ᠨᠤᠳᠤᠬ ᠤᠨ ᠢᠶᠡᠨ ᠠᠯᠳᠠᠷ ᠨᠡᠷ᠎ᠡ ᠶᠢ ᠤᠯᠤᠰ ᠳᠠᠶᠠᠭᠠᠷ ᠲᠦ ᠠᠯᠳᠠᠷᠰᠢᠭᠤᠯᠵᠦ᠂ ᠬᠤᠤᠰ ᠦᠭᠡᠢ ᠴᠤᠯᠭᠤᠷᠠᠬᠰᠠᠨ ᠠᠽᠢᠶ᠎ᠠ ᠶᠢᠨ ᠠᠯᠳᠠᠷᠲᠦ ᠠᠪᠤᠷᠭᠤ ᠪᠠᠶᠠᠨᠮᠦᠢᠡᠭᠬᠡ ᠳ᠋ᠦ ᠬᠦᠨᠳᠦᠳᠭᠡᠯ ᠲᠡᠪᠰᠢᠭᠦᠯᠦᠭᠰᠡᠨ 2017 ᠤᠨ ᠤ ︽ᠪᠠᠶᠠᠨᠮᠦᠢᠡᠭᠬᠡ ᠬᠤᠨᠳᠠᠭᠠᠳᠦ︾ 128 ᠰᠢᠯᠢᠳᠡᠭ ᠪᠦᠬᠡ︉ᠶᠢᠨ ᠪᠠᠷᠢᠯᠳᠤᠭᠠᠨ 6 ᠰᠠᠷ᠎ᠠ ᠶᠢᠨ 28 ᠤ ᠡᠳᠦᠷ ᠬᠤᠢ ᠰᠤᠮᠤᠨ ᠤ ᠨᠠᠭᠠᠳᠤᠮ ᠤᠨ ᠲᠠᠯᠠᠪᠠᠢ ᠳ᠋ᠦ ᠶᠠᠪᠤᠬᠳᠠᠪᠠ᠃ ᠨᠠᠭᠠᠳᠤᠮ ᠤᠨ ᠪᠦᠬᠡ ᠶᠢᠨ ᠪᠠᠷᠢᠯᠳᠤᠭᠠᠨ ᠡᠴᠡ ᠭᠠᠳᠠᠨ᠎ᠠ ᠪᠠᠰᠠ 30 ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ᠂ 60 ᠨᠠᠰᠤᠨ ᠡᠴᠡ ᠲᠡᠭᠡᠭᠰᠢ ᠨᠠᠰᠤᠲᠠᠶᠢᠴᠤᠳ ᠤᠨ ᠰᠤᠷ ᠬᠠᠷᠪᠤᠯᠭ᠎ᠠ ᠶᠢᠨ ᠤᠷᠤᠯᠳᠤᠭᠠᠨ᠂ ᠡᠷᠡᠭᠲᠡᠢ ᠡᠮᠡᠭᠲᠡᠢ ᠶᠢᠨ ᠲᠠᠪᠤᠨ ᠬᠦᠮᠦᠨ ᠤ ᠴᠦ᠋ ᠪᠤᠯᠢᠶᠠᠯᠳᠤᠬᠤ ᠤᠷᠤᠯᠳᠤᠭᠠᠨ ᠵᠡᠷᠭᠡ ᠶᠢ ᠶᠠᠪᠤᠬᠳᠠᠭᠤᠯᠪᠠ᠃
128 ᠰᠢᠯᠢᠳᠡᠭ ᠪᠦᠬᠡ ᠶᠢᠨ ᠪᠠᠷᠢᠯᠳᠤᠭᠠᠨ ᠳ᠋ᠦ ᠡᠧᠡᠭᠬᠢ ᠬᠤᠰᠢᠭᠤᠨ ᠤ ᠬᠤᠢ ᠰᠤᠮᠤ ᠶᠢᠨ ᠨᠠᠷᠭᠢᠯ ᠲᠡᠷᠢᠭᠦᠯᠡᠵᠦ᠂ ᠬᠤᠢ ᠰᠤᠮᠤᠨ ᠤ ᠴᠢᠨᠳᠠᠮᠤᠨᠢ ᠲᠡᠳ᠋ᠯᠡᠨ᠂ ᠡᠧᠡᠭᠬᠢ ᠬᠤᠰᠢᠭᠤᠨ ᠤ ᠪᠠᠶᠠᠨᠴᠠᠭᠠᠨ ᠰᠤᠮᠤᠨ ᠤ ᠴᠢᠬᠢᠷᠠᠬ᠂ ᠬᠤᠢ ᠰᠤᠮᠤᠨ ᠤ ᠢᠳᠡᠷ ᠭᠤᠷᠪᠠ ᠲᠦᠷᠪᠡ ᠳ᠋ᠦ ᠲᠡᠪᠢᠪᠡ᠃ ᠲᠠᠪᠤ ᠳ᠋ᠦ ᠬᠤᠢ ᠰᠤᠮᠤ ᠶᠢᠨ ᠬᠠᠳᠠ᠂ ᠵᠢᠷᠭᠤᠭ᠎ᠠ ᠳ᠋ᠦ ᠬᠤᠢ ᠰᠤᠮᠤ ᠶᠢᠨ ᠴᠡᠯᠮᠡᠭ᠂ ᠳᠤᠯᠤᠭ᠎ᠠ ᠳ᠋ᠦ ᠰᠢᠨ᠎ᠡ ᠪᠠᠷᠭᠤ ᠵᠡᠭᠦᠨ ᠬᠤᠰᠢᠭᠤᠨ ᠤ ᠪᠤᠯᠤᠳᠪᠠᠭᠠᠳᠤᠷ᠂ ᠨᠠᠢᠮᠠ ᠳ᠋ᠦ ᠬᠤᠢ ᠰᠤᠮᠤ ᠶᠢᠨ ᠰᠢᠵᠢᠷ ᠦᠯᠡᠳᠡᠵᠡᠢ᠃
ᠡᠧᠡᠭᠬᠢ ᠬᠤᠰᠢᠭᠤᠨ ᠤ ᠬᠤᠢ ᠰᠤᠮᠤ︉ ᠶᠢᠨ ᠨᠤᠳᠤᠬ ᠢᠶ ᠠᠯᠢ ᠤᠯᠠᠨ ᠰᠢᠯᠢᠳᠡᠭ ᠪᠦᠬᠡ ᠴᠤᠯᠭᠤᠷᠠᠵᠦ ᠭᠠᠷᠤᠬᠰᠠᠨ ᠪᠢᠯᠡ᠃ ᠤᠶᠢᠷ᠎ᠡ ᠶᠢᠨ ᠵᠢᠯ ᠳ᠋ᠦ ᠧᠡᠡᠭᠬᠢ ᠶᠢᠨ ᠢᠳᠡᠷ᠂ ᠴᠢᠨᠳᠠᠮᠤᠨᠢ ᠵᠡᠷᠭᠡ ᠵᠠᠯᠠᠭᠤ ᠪᠦᠬᠡ ᠵᠠᠯᠭᠠᠪᠡᠷ ᠠᠪᠤᠷᠭᠤ ᠴᠤᠯᠠ ᠬᠠᠮᠠᠭᠠᠯᠠᠬᠰᠠᠨ ᠡᠴᠡ ᠳᠠᠬᠢᠨᠳᠠ ᠡᠧᠡᠭᠬᠢ ᠪᠦᠬᠡᠴᠤᠳ ᠤᠨ ᠨᠡᠷ᠎ᠡ ᠠᠯᠳᠠᠷ ᠢ ᠤᠯᠤᠰ ᠳᠠᠶᠠᠭᠠᠷ ᠲᠦ ᠮᠠᠨᠳᠤᠭᠤᠯᠵᠦ ᠶᠠᠪᠤᠬᠰᠠᠨ ᠪᠢᠯᠡ᠃ ︽ᠠᠬᠠᠮᠠᠳ ᠦᠶ᠎ᠡ ᠶᠢᠨ ᠠᠯᠳᠠᠷᠲᠦ ᠪᠦᠬᠡ ᠪᠠᠶᠠᠨᠮᠦᠢᠡᠭᠬᠡ ᠳ᠋ᠡᠭᠡᠨ ᠬᠦᠨᠳᠦᠳᠭᠡᠯ ᠲᠡᠪᠰᠢᠭᠦᠯᠵᠦ᠂ ᠪᠦᠬᠡ ᠶᠢᠨ ᠰᠤᠶᠤᠯ ᠢᠶᠡᠨ ᠤᠯᠠᠮᠵᠢᠯᠠᠵᠦ ᠬᠦᠭᠵᠢᠭᠦᠯᠦᠨ᠂ ᠡᠧᠡᠭᠬᠢ ᠶᠢᠨ ᠵᠠᠯᠠᠭᠤ ᠪᠦᠬᠡᠴᠤᠳ ᠢᠶᠡᠨ ᠤᠷᠮᠠᠰᠢᠭᠤᠯᠬᠤ ᠪᠡᠷ ᠡᠨᠡᠬᠦ ᠤᠷᠤᠯᠳᠤᠭᠠᠨ ᠢ ᠵᠤᠭᠢᠶᠠᠨ ᠪᠠᠶᠢᠭᠤᠯᠤᠬᠰᠠᠨ︾ᠭᠡᠮᠡᠨ ᠬᠤᠢ ᠰᠤᠮᠤ ᠪᠡᠷ ᠨᠤᠳᠤᠬ ᠲᠠᠢ ᠠᠪᠤᠷᠭᠤ ᠢᠳᠡᠷ ᠰᠤᠷᠪᠤᠯᠵᠢᠯᠠᠬᠴᠢ ᠳ᠋ᠦ ᠲᠠᠨᠢᠯᠴᠠᠭᠤᠯᠤᠨ᠎ᠠ᠃
ᠪᠠᠶᠠᠨᠮᠦᠢᠡᠭᠬᠡ᠂ ᠡᠧᠡᠭᠬᠢ ᠦᠨᠳᠦᠰᠦᠲᠡᠨ᠂ ᠴᠢᠯᠦᠭᠡᠲᠦ ᠪᠦᠬᠡ ᠶᠢᠨ ᠠᠽᠢᠶ᠎ᠡ ᠶᠢᠨ ᠠᠪᠤᠷᠭᠤ᠃ 1943 ᠤᠨ ᠤ 1 ᠰᠠᠷ᠎ᠠ ᠶᠢᠨ 18 ᠤ ᠡᠳᠦᠷ ᠡᠧᠡᠭᠬᠢ ᠬᠤᠰᠢᠭᠤᠨ ᠤ ᠬᠤᠢ ᠰᠤᠮᠤ ᠶᠢᠨ ᠤᠯᠠᠭᠠᠨᠪᠤᠯᠠᠬ ᠭᠠᠴᠠᠭᠠᠨ ᠤ ᠮᠠᠯᠴᠢᠨ ᠶᠡᠡᠭᠺᠠᠷᠢ ᠰᠢᠡᠭᠭᠦᠷᠠᠢ ᠶᠢᠨ ᠤᠤᠭᠠᠨ ᠬᠦᠦ ᠪᠤᠯᠵᠦ ᠵᠠᠶᠠᠭᠠᠵᠠᠢ᠃ 1951 ᠤᠨ ᠡᠴᠡ 1957 ᠤᠨ ᠪᠤᠯᠳᠠᠯ᠎ᠠ ᠬᠤᠢ ᠪᠠᠭ᠎ᠠ ᠰᠤᠷᠭᠠᠭᠤᠯᠢ ᠳ᠋ᠦ 1957 ᠤᠨ ᠡᠴᠡ 1960 ᠤᠨ ᠪᠤᠯᠳᠠᠯ᠎ᠠ ᠬᠠᠶᠢᠯᠠᠷ ᠲᠡᠬᠢ ᠨᠢᠭᠡᠳᠦᠭᠡᠷ ᠳᠤᠮᠳᠠᠳᠦ ᠰᠤᠷᠭᠠᠭᠤᠯᠢ ᠳ᠋ᠦ᠂ 1960 ᠤᠨ ᠡᠴᠡ 1961 ᠤᠨ ᠪᠤᠯᠳᠠᠯ᠎ᠠ ᠬᠦᠯᠦᠨ ᠪᠤᠶᠢᠷ ᠠᠶᠢᠮᠠᠬ ᠤᠨ ᠮᠠᠯ ᠠᠵᠦ ᠠᠬᠤᠢ ᠶᠢᠨ ᠺᠠᠳ᠋ᠷ ᠤᠨ ᠰᠤᠷᠭᠠᠭᠤᠯᠢ ᠳ᠋ᠦ ᠰᠤᠷᠤᠯᠴᠠᠪᠠ᠃ 1961ᠤᠨ᠂ 1962 ᠤᠨ ᠳ᠋ᠦ ᠬᠤᠶᠠᠷ ᠤᠳᠠᠭ᠎ᠠ ᠧᠡᠭᠬᠢ ᠬᠤᠰᠢᠭᠤᠨ ᠤ ᠮᠤᠡᠭᠭᠤᠯ ᠪᠦᠬᠡ ᠶᠢᠨ ᠨᠠᠶᠢᠷ ᠲᠦ ᠲᠡᠷᠢᠭᠦᠯᠡᠪᠡ᠃ 1963 ᠤᠨ ᠳ᠋ᠦ ᠠᠽᠢᠶ᠎ᠠ ᠲᠢᠪ ᠤᠨ ᠪᠦᠬᠡ ᠶᠢᠨ ᠤᠷᠤᠯᠳᠤᠭᠠᠨ ᠳ᠋ᠦ ᠲᠡᠷᠢᠭᠦᠯᠡᠵᠦ᠂ 1964 ᠤᠨ ᠳ᠋ᠦ ᠠᠽᠢᠶ᠎ᠠ ᠲᠢᠪ ᠤᠨ ᠪᠦᠬᠡ ᠶᠢᠨ ᠤᠷᠤᠯᠳᠤᠭᠠᠨ ᠳ᠋ᠦ ᠲᠡᠷᠢᠭᠦᠯᠡᠭᠡᠳ ᠠᠪᠤᠷᠭᠤ ᠴᠤᠯᠠ ᠬᠠᠮᠠᠭᠠᠯᠠᠪᠠ᠃ 1966 ᠤᠨ ᠳ᠋ᠦ ᠰᠢᠯᠢᠡᠭᠬᠤᠳᠠ ᠳ᠋ᠦ ᠶᠠᠪᠤᠬᠳᠠᠬᠰᠠᠨ 512 ᠪᠦᠬᠡ ᠶᠢᠨ ᠤᠷᠤᠯᠳᠤᠭᠠᠨ ᠳ᠋ᠦ ᠲᠡᠷᠢᠭᠦᠯᠡᠵᠦ ᠪᠠᠶᠢᠬᠰᠠᠨ ᠭᠢᠯᠠᠯᠵᠠᠮ᠎ᠠ ᠠᠮᠵᠢᠯᠲᠠ ᠲᠠᠢ ᠠᠪᠤᠷᠭᠤ ᠪᠦᠬᠡᠴᠢᠨ ᠪᠢᠯᠡ᠃ ᠪᠠᠶᠠᠨᠮᠦᠢᠡᠭᠬᠡ 2000 ᠤᠨ ᠳ᠋ᠦ ᠡᠧᠡᠭᠬᠢ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ ᠪᠠᠶᠢᠭᠤᠯᠤᠬᠳᠠᠬᠰᠠᠨ 50 ᠵᠢᠯ ᠤᠨ ᠤᠢ ᠳ᠋ᠦ ᠬᠤᠰᠢᠭᠤᠨ ᠤ ᠲᠠᠷᠬᠠᠨ ᠪᠦᠬᠡ ᠪᠡᠷ ᠱᠠᠡᠭᠨᠠᠬᠳᠠᠪᠠ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ