ᠨᠠᠷᠠ ᠰᠢᠷᠠᠬᠤ ᠪᠡᠷ ᠢᠶᠡᠨ ᠰᠢᠷᠠᠵᠦ ᠯᠡ ᠪᠠᠶᠢᠳᠠᠬ᠂ ᠨᠤᠳᠤᠬ ᠭᠠᠡᠭᠳᠠᠬᠤ ᠪᠡᠷ︉ ᠢᠶᠡᠨ ᠭᠠᠡᠭᠳᠠᠵᠦ ᠯᠡ ᠪᠠᠶᠢᠳᠠᠬ᠂ ᠨᠠᠶᠢᠷ ᠬᠢᠬᠦ ᠪᠡᠷ ᠢᠶᠡᠨ ᠬᠢᠵᠦ ᠯᠡ ᠪᠠᠶᠢᠳᠠᠬ᠂ ᠨᠠᠭᠠᠳᠤᠮᠴᠢᠳ ᠵᠢᠷᠭᠠᠬᠤ ᠪᠡᠷ ᠢᠶᠡᠨ ᠵᠢᠷᠭᠠᠵᠦ ᠯᠡ ᠪᠠᠶᠢᠳᠠᠬ᠂ ᠨᠡᠡᠭ ᠴᠦ ᠡᠨᠡ ᠬᠠᠪᠤᠷ ᠡᠴᠡ ᠨᠠᠰᠢ ᠡᠯᠳᠡᠪ ᠤᠨ ᠤᠯᠠᠨ ᠨᠠᠶᠢᠷ ᠡᠨᠳᠡᠬᠢ ᠨᠢ ᠲᠠᠭᠤᠰᠳᠠᠯ᠎ᠠ ᠲᠡᠨᠳᠡᠬᠢ ᠨᠢ ᠵᠠᠯᠭᠠᠵᠦ᠂ ᠨᠠᠶᠢᠷ ᠨᠠᠭᠠᠳᠤᠮ ᠤᠨ ᠵᠠᠷ ᠰᠤᠷᠠᠬ ᠨᠠᠶᠢᠵᠠ ᠶᠢᠨ ᠲᠤᠭᠤᠷᠢᠬ ᠲᠦ ᠴᠠᠰᠤᠨ ᠯᠠᠪᠰᠠ ᠰᠢᠬ ᠬᠠᠶᠠᠯᠠᠨ᠎ᠠ᠃ ᠬᠠᠷᠢᠨ ᠲᠡᠷᠡ ᠳᠤᠮᠳᠠ ᠡᠴᠡ ᠵᠠᠰᠠᠬ ᠤᠨ ᠤᠷᠳᠤᠨ ᠤ ᠠᠯᠪᠠᠨ ᠪᠢᠴᠢᠭ ᠤᠨ ᠬᠡᠯᠪᠡᠷᠢᠲᠡᠢ ᠪᠡᠷ ︽ᠨᠠᠶᠢᠷ ᠬᠠᠰᠤᠬᠤ ᠮᠡᠳᠡᠭᠳᠡᠯ︾ᠪᠠᠭᠤᠯᠭᠠᠬᠰᠠᠨ ᠨᠢᠭᠡᠨ ᠵᠢᠷᠭᠢᠶ᠎ᠡ ᠯᠡ ᠠᠡᠭᠭᠠᠡᠬᠰᠠᠨ ᠬᠦᠷᠦᠰᠦᠨ ᠳ᠋ᠦ ᠷᠠᠰᠢᠶᠠᠨ ᠰᠠᠴᠤᠬᠰᠠᠨ ᠰᠢᠬ ᠰᠡᠳᠭᠢᠯ ᠳ᠋ᠦ ᠲᠤᠰᠤᠷᠠᠨ ᠪᠠᠭᠤᠯ᠎ᠠ᠃

 ᠤᠯᠠᠨ ᠤ ᠮᠡᠳᠡᠭᠡᠵᠢ᠂ ᠰᠢᠯᠢ ᠶᠢᠨ ᠭᠤᠤᠯ ᠠᠶᠢᠮᠠᠬ ᠤᠨ ᠪᠠᠷᠠᠭᠤᠨ ᠦᠵᠦᠮᠦᠴᠢᠨ ᠬᠤᠰᠢᠭᠤ 2004 ᠤᠨ ᠳ᠋ᠦ 2048 ᠪᠦᠬᠡ ᠶᠢᠨ ᠭᠢᠨᠢᠰ ᠤᠨ ᠲᠡᠮᠳᠡᠭᠯᠡᠯ ᠡᠭᠦᠳᠬᠦ ᠦᠪᠡᠳᠡᠭᠰᠢ ᠨᠠᠶᠢᠷ ᠢ ᠡᠷᠬᠢᠯᠡᠭᠰᠡᠨ ᠡᠴᠡ ᠨᠠᠰᠢ᠂ ︽ᠲᠠᠯ᠎ᠠ ᠨᠤᠳᠤᠬ ᠤᠨ ᠵᠠᠡᠭ ᠵᠠᠡᠭᠰᠢᠯ ᠤᠨ ᠨᠠᠶᠢᠷ︾ ᠢᠶᠡᠷ ᠶᠡᠷᠦᠡᠭᠬᠡᠢ ᠨᠡᠷᠡᠶᠢᠳᠦᠯ ᠪᠤᠯᠭᠠᠬᠰᠠᠨ ᠤᠯᠠᠨ ᠲᠦᠷᠦᠯ ᠬᠡᠯᠪᠡᠷᠢ ᠪᠦᠬᠦᠢ ᠨᠠᠶᠢᠷ ᠨᠠᠭᠠᠳᠤᠮ ᠤᠨ ᠰᠢᠷᠢᠰ ᠠᠵᠢᠯᠯᠠᠭ᠎ᠠ ᠶᠢ ᠤᠬᠠᠭᠤᠯᠤᠨ ᠰᠡᠳᠦᠬᠦ ᠶᠢᠨ ᠲᠠᠭᠠᠤ ᠤᠯᠠᠮ ᠢᠶᠡᠷ ᠦᠷᠭᠡᠵᠢᠭᠦᠯᠦᠨ ᠬᠡᠪᠴᠢᠶᠡᠵᠢᠭᠦᠯᠵᠦ᠂ ᠵᠠᠷᠢᠮ ᠨᠢ ᠨᠢᠭᠡᠨᠳᠡ ᠤᠯᠤᠰ ᠤᠷᠤᠨ ᠤ ᠬᠡᠪᠴᠢᠶᠡᠨ ᠳ᠋ᠦ ᠴᠦ ᠨᠦᠯᠦᠭᠡ ᠳᠤᠰᠬᠠᠯ ᠶᠡᠬᠡᠲᠡᠢ ᠲᠠᠯ᠎ᠠ ᠨᠤᠳᠤᠬ ᠤᠨ ᠰᠤᠶᠤᠯ ᠵᠤᠭᠠᠴᠠᠯ ᠤᠨ ᠠᠵᠢᠯᠯᠠᠭ᠎ᠠ ᠶᠢᠨ ᠨᠡᠷ᠎ᠡ ᠲᠡᠮᠳᠡᠭᠲᠦ ᠲᠦᠷᠦᠯ ᠵᠦᠢᠯ ᠪᠤᠯᠤᠬᠰᠠᠨ ᠪᠢᠯᠡ᠃ ᠡᠭᠦᠨ ᠳ᠋ᠦ ᠡᠨᠡᠬᠦ ᠮᠡᠳᠡᠭᠳᠡᠯ ᠢᠶᠡᠷ ᠬᠠᠰᠤᠬᠳᠠᠬᠰᠠᠨ 2017 ᠤᠨ ᠤ ︽ᠲᠡᠮᠦᠵᠢᠨ ᠤᠷᠤᠯᠳᠤᠭᠠᠨ︾᠂ ︽ᠤᠯᠠᠨ ᠤᠯᠤᠰ ᠤᠨ ᠮᠠᠷᠠᠽᠤᠨ ᠤᠷᠤᠯᠳᠤᠭᠠᠨ︾᠂ ︽ᠳᠤᠮᠳᠠᠳᠦ ᠶᠢᠨ ᠦᠨᠳᠦᠰᠦᠲᠡᠨ ᠤ ᠮᠤᠷᠢᠨ ᠤᠷᠤᠯᠳᠤᠭᠠᠨ︾ᠵᠡᠷᠭᠡ ᠨᠦᠯᠦᠭᠡ ᠶᠡᠬᠡᠲᠡᠢ ᠨᠡᠷ᠎ᠡ ᠲᠡᠮᠳᠡᠭᠲᠦ ᠤᠷᠤᠯᠳᠤᠭᠠᠨ ᠤ ᠠᠵᠢᠯᠯᠠᠭ᠎ᠠ ᠴᠦ ᠪᠠᠬᠳᠠᠵᠦ ᠪᠠᠶᠢᠬᠤ ᠨᠢ ᠴᠦ ᠲᠠᠮᠵᠢᠬ ᠦᠭᠡᠢ᠃

 ᠠᠷᠪᠠᠭᠠᠳ ᠵᠢᠯ ᠲᠠᠰᠤᠯᠳᠠᠯ ᠦᠭᠡᠢ ᠶᠠᠪᠤᠬᠳᠠᠵᠦ᠂ ᠠᠷᠪᠠᠨ ᠵᠦᠭ ᠤᠨ ᠭᠡᠶᠢᠴᠢᠨ ᠵᠢᠭᠤᠯᠴᠢᠨ ᠤ ᠠᠡᠭᠬᠠᠷᠤᠯ ᠬᠦᠯᠢᠶᠡᠯᠲᠡ ᠶᠢᠨ ᠨᠢᠭᠡᠨ ᠵᠤᠷᠰᠢᠯ ᠪᠤᠯᠤᠬᠰᠠᠨ ︽ᠪᠠᠷᠠᠭᠤᠨ ᠦᠵᠦᠮᠦᠴᠢᠨ ᠤ ᠰᠢᠷᠢᠰ ᠨᠠᠶᠢᠷ ᠨᠠᠭᠠᠳᠤᠮ︾ᠡᠨᠡ ᠵᠢᠯ ᠭᠡᠨᠡᠳᠳᠡ ᠶᠠᠭᠤᠨ ᠳ᠋ᠦ ᠶᠡᠬᠡ ᠬᠡᠪᠴᠢᠶ᠎ᠡ ᠪᠡᠷ ᠬᠠᠰᠤᠬᠳᠠᠴᠢᠬᠠᠪᠠ ︖

 ᠪᠠᠷᠠᠭᠤᠨ ᠦᠵᠦᠮᠦᠴᠢᠨ ᠬᠤᠰᠢᠭᠤᠨ ᠤ ᠪᠦᠬᠦ ᠨᠤᠳᠤᠬ ᠲᠦ ᠶᠠᠬ ᠵᠠᠭᠤᠨ ᠵᠢᠯ ᠳ᠋ᠦ ᠲᠤᠬᠢᠶᠠᠯᠳᠤᠭ᠎ᠠ ᠦᠭᠡᠢ ᠤᠨᠴᠠ ᠶᠡᠬᠡ ᠭᠠᠡᠭ ᠬᠠᠬᠰᠠᠷᠭᠠᠨ ᠪᠤᠯᠵᠦ᠂ ᠲᠠᠯ᠎ᠠ ᠨᠤᠳᠤᠬ ᠤᠨ ᠤᠷᠭᠤᠮᠠᠯ ᠤᠨ ᠬᠤᠴᠢᠯᠭ᠎ᠠ ᠶᠢᠨ ᠠᠮᠢ ᠠᠬᠤᠢ ᠶᠢᠨ ᠤᠷᠴᠢᠨ ᠲᠤᠭᠤᠷᠢᠨ ᠬᠦᠨᠳᠦ ᠨᠤᠴᠢᠲᠠᠢ ᠬᠢᠮᠤᠷᠠᠯ ᠳ᠋ᠦ ᠤᠴᠠᠷᠠᠨ᠂ ᠦᠷᠭᠡᠨ ᠤᠯᠠᠨ ᠮᠠᠯᠴᠢᠨ ᠠᠷᠠᠳ ᠬᠦᠨᠳᠦ ᠨᠤᠴᠢᠲᠠᠢ ᠭᠠᠮᠰᠢᠬ ᠲᠦ ᠲᠠᠭᠠᠷᠢᠬᠳᠠᠵᠦ ᠪᠠᠶᠢᠨ᠎ᠠ᠃ ᠬᠡᠷᠪᠡ ᠦᠷᠬᠦᠯᠵᠢᠯᠡᠨ ᠨᠤᠳᠤᠬ ᠪᠡᠯᠴᠢᠭᠡᠷ ᠲᠡᠭᠡᠷ᠎ᠡ ᠬᠡᠭᠡᠷᠡᠯᠡᠬᠦ ᠠᠵᠢᠯᠯᠠᠭ᠎ᠠ᠂ ᠤᠷᠤᠯᠳᠤᠭᠠᠨ ᠤ ᠠᠵᠢᠯᠯᠠᠭ᠎ᠠ ᠶᠠᠪᠤᠬᠳᠠᠭᠤᠯᠪᠠᠯ᠂ ᠭᠠᠡᠭᠳᠠᠵᠦ ᠲᠤᠶᠢᠯᠳᠠᠬᠰᠠᠨ ᠨᠤᠳᠤᠬ ᠪᠡᠯᠴᠢᠭᠡᠷ ᠲᠦ ᠤᠯᠠᠮ ᠬᠦᠨᠳᠦ ᠬᠦᠨᠦᠭᠡᠯ ᠪᠤᠯᠬᠤ ᠨᠢ ᠵᠠᠶᠢᠯᠠᠰᠢ ᠦᠭᠡᠢ᠁

 ᠪᠠᠷᠠᠭᠤᠨ ᠦᠵᠦᠮᠦᠴᠢᠨ ᠬᠤᠰᠢᠭᠤᠨ ᠤ ᠨᠠᠮ ᠤᠨ ᠬᠤᠷᠢᠶ᠎ᠠ᠂ ᠵᠠᠰᠠᠬ ᠤᠨ ᠤᠷᠳᠤᠨ ᠤᠳᠤ ᠶᠠᠬ ᠬᠦᠮᠦᠨ ᠤ ᠬᠦᠴᠦᠨ᠂ ᠡᠳ᠋ ᠤᠨ ᠬᠦᠴᠦᠨ᠂ ᠪᠤᠳᠠᠰ︉  ᠤᠨ ᠬᠦᠴᠦᠨ ᠢᠶᠡᠨ ᠲᠦᠪᠯᠡᠷᠡᠭᠦᠯᠵᠦ᠂ ᠪᠦᠬᠦ ᠬᠦᠴᠦᠨ ᠢᠶᠡᠷ ᠢᠶᠡᠨ ᠭᠠᠡᠭ ᠬᠠᠬᠰᠠᠷᠭᠠᠨ ᠲᠠᠢ ᠲᠡᠮᠡᠴᠡᠵᠦ᠂ ᠠᠷᠭ᠎ᠠ ᠪᠦᠬᠦᠨ ᠢ ᠰᠦᠪᠡᠭᠴᠢᠯᠡᠨ ᠭᠠᠮᠰᠢᠬ ᠤᠨ ᠬᠤᠬᠢᠷᠠᠯ ᠢ ᠪᠠᠭᠠᠰᠬᠠᠵᠦ᠂ ᠠᠯᠢ ᠴᠢᠳᠠᠬᠤᠶᠢᠴᠠ ᠮᠠᠯ ᠠᠵᠦ ᠠᠬᠤᠢ ᠶᠢᠨ ᠲᠤᠬᠳᠠᠭᠤᠨ ᠪᠠᠶᠢᠳᠠᠯ ᠪᠠ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠢ ᠪᠠᠳᠤᠯᠠᠵᠦ ᠪᠠᠶᠢᠨ᠎ᠠ᠁

 ᠡᠨᠡ ᠪᠤᠯ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠯᠠᠨ ᠳ᠋ᠠᠭᠠᠨ ᠦᠭᠭᠦᠭᠰᠡᠨ ᠠᠨᠳᠠᠭᠠᠢ ᠰᠢᠬ ᠬᠠᠷᠢᠭᠤᠯᠳᠠ︕ ᠮᠦᠨᠴᠦ ᠠᠷᠪᠠᠨ ᠵᠦᠭ ᠤᠨ ᠭᠡᠶᠢᠴᠢᠨ ᠵᠢᠭᠤᠯᠴᠢᠨ ᠳ᠋ᠠᠭᠠᠨ ᠮᠡᠳᠡᠭᠳᠡᠭᠰᠡᠨ ᠲᠤᠡᠭᠬᠠᠬ ᠰᠢᠬ ᠲᠤᠰᠢᠶᠠᠯᠲᠠ ︕

 ᠲᠡᠭᠡᠬᠦ ᠳ᠋ᠦ ᠨᠠᠶᠢᠷ ᠭᠡᠪᠡᠯ ᠨᠠᠭᠠᠴᠦ ᠪᠠᠨ ᠮᠠᠷᠳᠠᠮᠠᠷ ᠮᠠᠨᠠᠶᠢᠬᠢᠨ ᠶᠠᠭᠤ ᠪᠤᠳᠤᠪᠠ ︖︽ᠮᠠᠯᠵᠢᠬᠤ ᠤᠷᠤᠨ ᠳ᠋ᠦ ᠨᠠᠶᠢᠷ ᠬᠢᠵᠦ ᠴᠢᠳᠠᠬᠤ ᠦᠭᠡᠢ ᠪᠤᠯ ᠰᠠᠶᠢᠨ ᠲᠠᠷᠤᠭ᠎ᠠ ᠪᠢᠰᠢ︾ᠭᠡᠵᠦ ᠮᠤᠨᠳᠠᠬ ᠰᠤᠯᠢᠶ᠎ᠠ ᠲᠠᠢ ᠮᠤᠵᠢᠭᠤᠳᠠ ᠤᠨᠤᠯ ᠶᠠᠷᠢᠵᠦ ᠶᠠᠪᠤᠳᠠᠬ ᠲᠡᠷᠡ ᠬᠦᠮᠦᠰ ᠶᠠᠭᠤ ᠪᠤᠳᠤᠪᠠ ︖

 ᠤᠶᠢᠷ᠎ᠠ ᠶᠢᠨ ᠵᠢᠯ᠂ ᠦᠨᠳᠦᠰᠦᠲᠡᠨ ᠤ ᠰᠤᠶᠤᠯ ᠤᠨ ᠲᠤᠮᠤ ᠤᠷᠤᠨ᠂ ᠲᠤᠮᠤ ᠡᠴᠡ ᠬᠦᠴᠦᠷᠬᠡᠭ ᠤᠷᠤᠨ ᠢ ᠴᠤᠬᠴᠠᠯᠠᠬᠤ ᠶᠡᠬᠡ ᠤᠷᠢᠶᠠᠯᠠᠭ᠎ᠠ ᠶᠢ ᠲᠠᠭᠠᠵᠦ᠂ ᠪᠦᠬᠦ ᠤᠷᠤᠨ ᠤ ᠬᠡᠪᠴᠢᠶᠡᠨ ᠳ᠋ᠦ ︽ᠦᠯᠦᠭᠡᠢ︾︽ᠨᠤᠳᠤᠬ︾ ᠠᠷᠪᠢᠳᠴᠦ᠂ ᠨᠠᠶᠢᠷ ᠨᠠᠭᠠᠳᠤᠮ ᠤᠯᠠᠰᠢᠷᠠᠵᠦ ᠪᠠᠶᠢᠬᠤ ᠶᠢ ᠪᠢᠳᠡ ᠪᠤᠷᠤᠭᠤ ᠭᠡᠮᠡᠨ ᠨᠤᠲᠠᠯᠠᠵᠦ ᠶᠠᠭᠠᠬᠢᠬᠰᠠᠨ ᠴᠦ ᠴᠢᠳᠠᠬᠤ ᠦᠭᠡᠢ᠂ ᠨᠠᠶᠢᠷ ᠨᠠᠭᠠᠳᠤᠮ ᠨᠢ ᠮᠠᠯᠵᠢᠬᠤ ᠲᠠᠷᠢᠶᠠᠯᠠᠬᠤ ᠤᠷᠤᠨ ᠤ  ᠰᠤᠶᠤᠯ ᠵᠤᠭᠠᠴᠠᠯ᠂ ᠲᠠᠮᠢᠷ ᠤᠷᠠᠯᠢᠬ ᠤᠨ ᠤᠨᠴᠠᠭᠠᠢ ᠨᠢᠭᠡᠨ ᠠᠴᠢᠶᠠᠯᠠᠪᠤᠷᠢ ᠪᠤᠯᠤᠬᠰᠠᠨ ᠡᠴᠡ ᠯᠡ ᠬᠤᠶᠢᠰᠢ᠃ ᠭᠡᠳᠡᠯ᠎ᠡ ᠶᠠᠮᠠᠷ ᠶᠠᠭᠤᠮᠠᠨ ᠳ᠋ᠦ ᠴᠦ ᠬᠡᠮᠵᠢᠶ᠎ᠡ ᠬᠢᠵᠠᠭᠠᠷ ᠦᠭᠡᠢ᠂ ᠶᠠᠭᠤ ᠬᠢᠭᠰᠡᠨ ᠴᠦ ᠬᠢᠷᠢ ᠴᠢᠳᠠᠯ ᠢᠶᠡᠨ ᠦᠵᠡᠬᠦ ᠬᠡᠷᠡᠭᠲᠡᠢ᠃ ᠬᠠᠷᠢᠨ ᠬᠤᠭᠤᠰᠤᠨ ᠨᠡᠷ᠎ᠡ ᠮᠠᠨᠳᠤᠭᠤᠯᠬᠤ ᠶᠢᠨ ᠲᠦᠯᠦᠭᠡ ᠬᠡᠮᠵᠢᠶᠡᠨ ᠡᠴᠡ ᠪᠡᠨ ᠬᠡᠳᠦᠷᠡᠭᠰᠡᠨ᠂ ᠵᠦᠢ ᠶᠤᠰᠤ ᠡᠴᠡ ᠲᠡᠷᠰᠡᠯᠡᠭᠰᠡᠨ᠂ ᠠᠷᠠᠳ ᠤᠨ ᠰᠡᠳᠭᠢᠯ ᠡᠴᠡ ᠵᠠᠶᠢᠳᠠᠬᠰᠠᠨ᠂ ᠡᠯᠳᠡᠪ ᠨᠡᠷ᠎ᠡ ᠵᠡᠭᠦᠯᠭᠡᠭᠰᠡᠨ ᠨᠠᠶᠢᠷ ᠨᠠᠭᠠᠳᠤᠮ ᠬᠢᠬᠦ ᠶᠤᠮ ᠪᠤᠯ ᠪᠤᠷᠤᠭᠤ ᠵᠠᠮ ᠢᠶᠡᠷ ᠪᠤᠲᠠᠷᠠᠬᠤ ᠨᠢ ᠲᠡᠷᠡ︕

 ᠡᠨᠡᠬᠡᠨ ᠴᠢᠯᠦᠭᠡᠨ ᠳ᠋ᠦ ᠠᠮᠠ ᠲᠠᠮᠵᠢᠨ ᠶᠠᠷᠢᠬᠳᠠᠵᠦ ᠪᠠᠶᠢᠬᠰᠠᠨ ᠡᠯᠳᠡᠪ ᠰᠤᠨᠢᠨ ᠨᠠᠶᠢᠷ ᠨᠠᠭᠠᠳᠤᠮ ᠡᠷᠬᠡ ᠦᠭᠡᠢ ᠪᠤᠳᠤᠬᠳᠠᠯ᠎ᠠ᠄ ᠬᠡᠷᠢᠶ᠎ᠡ ᠭᠠᠯᠠᠭᠤ ᠶᠢ ᠲᠠᠭᠤᠷᠢᠶᠠᠵᠦ ᠬᠦᠯ ᠢᠶᠡᠨ ᠬᠦᠯᠳᠡᠭᠡᠨ᠎ᠡ ᠭᠡᠳᠡᠭᠴᠢᠯᠡᠨ᠂ ᠵᠠᠷᠢᠮ ᠭᠠᠵᠠᠷ ᠬᠦᠮᠦᠨ ᠢ ᠲᠠᠭᠠᠨ ᠲᠡᠷᠪᠡᠵᠦ ᠬᠦᠬᠡᠭᠡ ᠡᠪᠦᠯ ᠢᠶᠡᠷ ᠨᠠᠶᠢᠷ ᠬᠢᠳᠡᠭ ᠪᠤᠯᠤᠯ᠎ᠠ᠂ ᠬᠢᠬᠦ ᠬᠢᠬᠦ ᠳ᠋ᠡᠭᠡᠨ ᠴᠠᠰᠦ ᠦᠭᠡᠢ ᠭᠠᠵᠠᠷ ᠴᠠᠰᠦ ᠵᠤᠭᠢᠶᠠᠵᠦ ᠦᠵᠡᠯ᠎ᠡ᠂ ᠴᠢᠷᠮᠠᠨ ᠨᠢᠴᠦᠭᠦᠨ ᠢᠶᠡᠷ ᠪᠦᠬᠡ ᠲᠠᠯᠪᠢᠵᠦ ᠴᠦ ᠦᠵᠡᠯ᠎ᠡ᠃ ᠲᠡᠰᠭᠢᠮ᠎ᠡ ᠬᠦᠢᠲᠡᠨ ᠴᠠᠬ ᠲᠦ ᠮᠤᠷᠢ ᠤᠷᠤᠯᠳᠤᠭᠤᠯᠬᠤ᠂ ᠪᠦᠬᠡ ᠪᠠᠷᠢᠯᠳᠤᠭᠤᠯᠬᠤ ᠳ᠋ᠦ ᠬᠢᠷᠢ ᠵᠡᠷᠭᠡ ᠶᠢᠨ ᠭᠡᠮᠳᠦᠯ ᠭᠠᠷᠬᠤ ᠪᠤᠯᠤᠮᠵᠢ ᠲᠠᠢ ᠶᠢ ᠲᠦᠷ ᠶᠠᠷᠢᠬᠤ ᠦᠭᠡᠢ᠂ ᠤᠷᠤ ᠦᠭᠡᠢ ᠭᠠᠵᠠᠷ ᠤᠪᠤᠭ᠎ᠠ ᠪᠤᠰᠬᠠᠵᠦ ᠪᠠᠶᠢᠬᠤ ᠰᠢᠬ ᠦᠨᠦᠬᠢ ᠬᠡᠳᠦᠨ ᠠᠷᠪᠠᠨ ᠲᠦᠮᠡ᠂ ᠬᠡᠳᠦᠨ ᠵᠠᠭᠤᠨ ᠲᠦᠮᠡᠨ ᠶᠢᠨ ᠴᠠᠰᠤ ᠮᠦᠰᠦᠨ ᠤ ᠱᠤᠭᠤᠮᠠᠯ ᠴᠢᠨᠢ ᠤᠳᠠᠬᠤ ᠴᠦ ᠦᠭᠡᠢ ᠤᠷᠤᠨ ᠳ᠋ᠠᠭᠠᠨ ᠰᠢᠡᠭᠭᠡᠵᠦ᠂ ᠤᠮᠳᠠ ᠬᠦᠰᠡᠭᠰᠡᠨ ᠪᠡᠯᠴᠢᠭᠡᠷ ᠲᠦ ᠳᠤᠰᠤᠯ ᠤᠰᠤᠨ ᠤ ᠨᠡᠮᠡᠷᠢ ᠦᠭᠡᠢ ᠰᠢᠤ ᠳ᠋ᠠ᠃ ᠵᠠᠷᠢᠮ ᠭᠠᠵᠠᠷ ᠬᠠᠪᠤᠷ ᠤᠨ ᠬᠠᠷᠠᠰᠦ ᠴᠠᠬ ᠲᠦ ᠮᠤᠷᠢ ᠤᠷᠤᠯᠳᠤᠭᠤᠯᠵᠦ ᠴᠡᠡᠭᠭᠡᠯ᠎ᠡ᠂ ᠬᠠᠷᠢᠨ ᠲᠡᠭᠡᠬᠦ ᠳ᠋ᠡᠭᠡᠨ︽ᠬᠠᠮᠤᠬ ᠡᠴᠡ ᠬᠤᠯᠠ ᠵᠠᠢ ᠶᠢᠨ︾ᠭᠡᠳᠡᠭ ᠶᠡᠬᠡ ᠨᠡᠷ᠎ᠡ ᠶᠢ ᠠᠪᠬᠤ ᠶᠢᠨ ᠲᠦᠯᠦᠭᠡ ᠤᠷᠤᠯᠳᠤᠭᠠᠨ ᠤ ᠬᠡᠳᠦᠨ ᠮᠤᠷᠢ ᠪᠠᠨ ᠠᠭᠤᠰᠬᠢ ᠶᠢ ᠨᠢ ᠲᠡᠯᠪᠡᠷᠡᠲᠡᠯ᠎ᠡ ᠲᠠᠪᠢᠭᠤᠯᠤᠯ᠎ᠠ᠃ ᠢᠡᠭᠭᠢᠵᠦ ᠨᠠᠭᠠᠳᠤᠬᠤ ᠳ᠋ᠦ ᠬᠦᠮᠦᠨ ᠨᠢ ᠵᠢᠷᠭᠠᠪᠠ ᠤᠤ︖ ᠮᠠᠯ ᠨᠢ ᠵᠢᠷᠭᠠᠪᠠ ᠤᠤ︖

 ᠨᠠᠷᠠ ᠰᠢᠷᠠᠬᠤ ᠪᠡᠷ ᠢᠶᠡᠨ ᠰᠢᠷᠠᠵᠦ ᠯᠡ ᠪᠠᠶᠢᠳᠠᠬ᠂ ᠨᠤᠳᠤᠬ ᠭᠠᠡᠭᠳᠠᠬᠤ ᠪᠡᠷ︉ ᠢᠶᠡᠨ ᠭᠠᠡᠭᠳᠠᠵᠦ ᠯᠡ ᠪᠠᠶᠢᠳᠠᠬ᠂ ᠨᠠᠶᠢᠷ ᠬᠢᠬᠦ ᠪᠡᠷ ᠢᠶᠡᠨ ᠬᠢᠵᠦ ᠯᠡ ᠪᠠᠶᠢᠳᠠᠬ᠂ ᠨᠠᠭᠠᠳᠤᠮᠴᠢᠳ ᠵᠢᠷᠭᠠᠬᠤ ᠪᠡᠷ ᠢᠶᠡᠨ ᠵᠢᠷᠭᠠᠵᠦ ᠯᠡ ᠪᠠᠶᠢᠳᠠᠬ᠂ ᠨᠠᠶᠢᠵᠠ ᠶᠢᠨ ᠲᠤᠭᠤᠷᠢᠬ ᠲᠦ ᠨᠠᠶᠢᠷ ᠤᠨ ᠴᠢᠮᠡᠭᠡ ᠲᠤᠭᠤᠯᠳᠠᠬᠤ ᠪᠡᠷ ᠢᠶᠡᠨ ᠲᠤᠭᠤᠯᠳᠠᠵᠦ ᠯᠡ ᠪᠠᠶᠢᠨ᠎ᠠ᠃ ᠬᠠᠷᠢᠨ ᠪᠠᠷᠠᠭᠤᠨ ᠦᠵᠦᠮᠦᠴᠢᠨ ᠬᠤᠰᠢᠭᠤᠨ ᠤ ᠨᠠᠶᠢᠷ ᠬᠠᠰᠤᠬᠤ ᠮᠡᠳᠡᠭᠳᠡᠯ ᠢ ᠬᠠᠷᠠᠭᠠᠳ ᠲᠠ ᠪᠦᠬᠦᠨ᠂ ᠪᠢᠳᠡ ᠪᠦᠬᠦᠨ᠂ ᠬᠡᠨ ᠪᠦᠬᠦᠨ ᠶᠠᠭᠠᠬᠢᠯ᠎ᠠ ᠴᠦ ᠭᠡᠳ ᠶᠠᠭᠤ ᠨᠢᠭᠡ ᠶᠢ ᠪᠤᠳᠤᠬᠰᠠᠨ ᠪᠠᠶᠢᠬ᠎ᠠ᠂ ᠪᠤᠳᠤᠬᠤ ᠴᠦ ᠶᠤᠰᠤᠲᠠᠢ᠃ ᠨᠠᠶᠢᠷ ᠢᠶᠡᠨ ᠪᠢᠳᠡ ᠨᠠᠶᠢᠷ ᠦᠭᠡᠢ ᠰᠢᠭᠦᠬᠦ ᠤᠴᠢᠷᠲᠠᠢ ᠪᠤᠯᠵᠠᠢ︕ ᠨᠠᠶᠢᠷ ᠢᠶᠡᠨ ᠪᠢᠳᠡ ᠨᠠᠷᠢᠪᠴᠢᠯᠠᠵᠦ ᠲᠤᠡᠭᠭᠠᠬᠤ ᠴᠢᠬᠤᠯᠠᠲᠠᠢ ᠪᠤᠯᠵᠠᠢ︕

   

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ