ᠲᠤᠰᠢᠶᠡᠲᠦ ᠬᠤᠰᠢᠭᠤᠨ ᠳ᠋ᠦ ᠴᠢᠨ ᠸᠠᠡᠭ ᠤᠨ ᠦᠶᠡᠰ ᠡᠴᠡ ᠬᠤᠰᠢᠭᠤᠨ ᠲᠠᠬᠢᠯᠭ᠎ᠠ ᠬᠢᠵᠦ ᠪᠠᠶᠢᠬᠰᠠᠨ ᠲᠠᠪᠤᠨ ᠬᠠᠨ ᠠᠭᠤᠯᠠ︈︵ᠬᠠᠨᠴᠠᠭᠠᠨ ᠬᠠᠨ ᠠᠭᠤᠯᠠ᠂ ᠮᠦᠡᠭᠬᠡ ᠬᠠᠨ ᠠᠭᠤᠯᠠ᠂ ᠪᠦᠷᠢᠨ ᠬᠠᠨ ᠠᠭᠤᠯᠠ᠂ ᠬᠦᠴᠦᠨ ᠲᠡᠭᠦᠯᠳᠡᠷ ᠬᠠᠨ ᠠᠭᠤᠯᠠ ᠪᠤᠯᠤᠨ ᠡᠷᠳᠡᠨᠢ ᠠᠭᠤᠯᠠ︶ ᠪᠤᠶ᠂ ᠭᠡᠪᠡᠴᠦ ᠡᠨᠡ ᠲᠠᠪᠤᠨ ᠠᠭᠤᠯᠠ ᠶᠢᠨ ᠬᠤᠰᠢᠭᠤᠨ ᠲᠠᠬᠢᠯᠭ᠎ᠠ ᠲᠠᠰᠤᠷᠠᠭᠠᠳ 100 ᠵᠢᠯ ᠰᠢᠬᠠᠮ ᠪᠤᠯᠴᠢᠬᠠᠢ᠃ ᠡᠨᠡ ᠵᠢᠯ ᠲᠠᠪᠤᠨ ᠬᠠᠨ ᠠᠭᠤᠯᠠ ᠶᠢᠨ ᠤᠪᠤᠭᠠᠨ ᠲᠠᠬᠢᠯᠭ᠎ᠠ ᠪᠠᠨ ᠰᠡᠷᠭᠦᠭᠡᠬᠦ ᠶᠢᠨ ᠲᠦᠯᠦᠭᠡ ᠬᠤᠷᠴᠢᠨ ᠪᠠᠷᠠᠭᠤᠨ ᠭᠠᠷᠤᠨ ᠳᠤᠮᠳᠠᠳᠦ ᠬᠤᠰᠢᠭᠤᠨ ᠤ ᠠᠵᠢᠯ ᠤᠨ ᠠᠮᠠᠷᠠᠯᠲᠠ ᠪᠠᠨ ᠠᠪᠤᠬᠰᠠᠨ ᠦᠨᠳᠦᠰᠦᠲᠡᠨ ᠤ ᠰᠤᠶᠤᠯ ᠳ᠋ᠠᠭᠠᠨ ᠬᠠᠶᠢᠷᠠᠲᠠᠢ ᠭᠤᠧᠠᠨ ᠶᠦᠡᠭ ᠴᠢᠡᠭ ᠨᠦᠬᠦᠷ ᠲᠡᠷᠢᠭᠦᠲᠡᠢ ᠨᠢᠭᠡ ᠪᠦᠯᠦᠭ ᠠᠬᠠᠮᠠᠳ ᠺᠠᠳ᠋ᠷ ᠢᠶᠡᠷ ᠪᠦᠷᠢᠯᠳᠦᠭᠰᠡᠨ ︽ᠲᠦᠰᠢᠶᠡᠲᠦ ᠬᠠᠨ ᠠᠭᠤᠯᠠᠨ ᠲᠠᠬᠢᠯᠭ᠎ᠠ ᠶᠢᠨ ᠨᠡᠶᠢᠭᠡᠮᠯᠢᠭ︾ᠪᠠᠶᠢᠭᠤᠯᠤᠬᠳᠠᠵᠦ᠂ ᠬᠠᠨ ᠠᠭᠤᠯᠠᠨ ᠲᠠᠬᠢᠯᠭ᠎ᠠ ᠪᠠᠨ ᠰᠡᠷᠭᠦᠭᠡᠨ ᠲᠠᠬᠢᠬᠰᠠᠨ ᠪᠠᠶᠢᠨ᠎ᠠ᠃
ᠤᠶᠢᠷ᠎ᠠ ᠶᠢᠨ ᠡᠳᠦᠷ ᠲᠦ᠂ ︽ᠲᠦᠰᠢᠶᠡᠳᠦ ᠬᠠᠨ ᠠᠭᠤᠯᠠᠨ ᠲᠠᠬᠢᠯᠭ᠎ᠠ ᠶᠢᠨ ᠨᠡᠶᠢᠭᠡᠮᠯᠢᠭ︾ᠡᠴᠡ ᠬᠤᠷᠴᠢᠨ ᠪᠠᠷᠠᠭᠤᠨ ᠭᠠᠷᠤᠨ ᠳᠤᠮᠳᠠᠳᠦ ᠬᠤᠰᠢᠭᠤᠨ ᠤ ᠲᠦᠯᠢᠶᠠᠮᠤᠳᠦ ᠪᠠᠯᠭᠠᠰᠤᠨ ᠤ ᠰᠠᠶᠢᠬᠠᠨᠬᠤᠧᠠ ᠭᠠᠴᠠᠭᠠᠨ ᠤ ᠪᠠᠷᠠᠭᠤᠨ ᠮᠤᠭᠠᠶᠢᠲᠦ ᠠᠶᠢᠯ ᠤᠨ ᠵᠡᠭᠦᠨ ᠳ᠋ᠡᠬᠢ ᠤᠪᠤᠭᠠᠨ ᠮᠤᠳᠤᠨ ᠳ᠋ᠦ ᠪᠠᠶᠢᠭ᠎ᠠ ᠬᠦᠴᠦᠨ ᠲᠡᠭᠦᠯᠳᠡᠷ ᠬᠠᠨ ᠠᠭᠤᠯᠠᠨ ᠲᠠᠬᠢᠯᠭ᠎ᠠ ᠶᠢᠨ ᠤᠪᠤᠭ᠎ᠠ ᠶᠢ ᠰᠡᠷᠭᠦᠭᠡᠨ ᠲᠠᠬᠢᠬᠤ ᠶᠤᠰᠤᠯᠠᠯ ᠵᠢᠴᠢ ᠲᠦᠰᠢᠶᠡᠲᠦ ᠬᠤᠰᠢᠭᠤᠨ ᠤ 2017 ᠤᠨ ᠤ ᠮᠤᠡᠭᠭᠤᠯ ᠪᠦᠬᠡ ᠶᠢᠨ ᠬᠤᠯᠪᠤᠭᠠᠳᠦ ᠤᠷᠤᠯᠳᠤᠭᠠᠨ ᠤ ᠭᠤᠷᠪᠠᠳᠤᠭᠠᠷ ᠲᠠᠯᠠᠪᠤᠷ ᠬᠤᠪᠢᠶᠠᠷᠢ ᠤᠷᠤᠯᠳᠤᠭᠠᠨ ᠢ ᠠᠮᠵᠢᠯᠲᠠ ᠲᠠᠢ ᠰᠠᠶᠢᠬᠠᠨ ᠶᠠᠪᠤᠬᠳᠠᠭᠤᠯᠤᠬᠰᠠᠨ ᠪᠠᠶᠢᠨ᠎ᠠ᠃
ᠦᠷᠯᠦᠭᠡ ᠶᠢᠨ ᠨᠠᠢᠮᠠᠨ ᠴᠠᠬ ᠲᠦ ᠲᠠᠬᠢᠯᠭ᠎ᠠ ᠵᠢᠡᠭᠭᠢᠨᠢ ᠪᠡᠷ ᠡᠬᠢᠯᠡᠵᠦ᠂ ᠴᠡᠪᠡᠷ ᠲᠤᠬᠢᠯᠢᠬ ᠮᠤᠡᠭᠭᠤᠯ ᠲᠡᠷᠯᠢᠭ ᠡᠮᠦᠰᠦᠭᠰᠡᠨ ︽ᠲᠦᠰᠢᠶᠡᠳᠦ ᠬᠠᠨ ᠠᠭᠤᠯᠠᠨ ᠲᠠᠬᠢᠯᠭ᠎ᠠ ᠶᠢᠨ ᠨᠡᠶᠢᠭᠡᠮᠯᠢᠭ︾ ᠤᠨ ᠬᠡᠰᠢᠭᠦᠳ ᠲᠠᠬᠢᠯᠭᠠᠴᠢᠳ ᠲᠠᠢ ᠪᠠᠨ ᠬᠠᠮᠳᠦ ᠲᠠᠬᠢᠯᠭ᠎ᠠ ᠪᠠᠨ ᠡᠬᠢᠯᠡᠭᠦᠯᠦᠭᠰᠡᠨ ᠪᠠᠶᠢᠨ᠎ᠠ᠃
ᠲᠠᠬᠢᠯᠭ᠎ᠠ ᠨᠢ ᠲᠦᠰᠢᠶᠡᠳᠦ ᠲᠦᠮᠡᠨ ᠤ ᠪᠠᠨ ᠲᠦᠰᠢᠯᠭᠡ ᠪᠤᠯᠤᠬᠰᠠᠨ ︽ᠬᠦᠴᠦᠨ ᠲᠡᠭᠦᠯᠳᠡᠷ ᠬᠠᠨ ᠠᠭᠤᠯᠠᠨ︾ ᠡᠵᠡᠳ ᠰᠠᠬᠢᠭᠤᠰᠤ ᠨᠠᠪᠳᠠᠬ ᠰᠠᠪᠳᠠᠬ ᠤᠨ ᠢᠪᠡᠭᠡᠯ ᠢ ᠬᠦᠷᠳᠡᠬᠦ ᠪᠡᠷ ᠬᠦᠰᠡᠨ ᠲᠠᠭᠠᠳᠬᠠᠵᠦ᠂ ᠦᠢ ᠲᠦᠮᠡᠨ ᠤ ᠪᠠᠨ ᠢᠷᠡᠭᠡᠳᠦᠢ ᠶᠢᠨ ᠠᠵᠦ ᠠᠮᠢᠳᠤᠷᠠᠯ ᠡᠡᠭᠬᠡ ᠠᠮᠤᠭᠤᠯᠠᠡᠭ᠂ ᠵᠤᠯ ᠵᠢᠷᠭᠠᠯᠲᠠᠢ ᠪᠠᠶᠢᠬᠤ ᠶᠢ ᠵᠦᠡᠭᠨᠡᠨ ᠪᠡᠯᠭᠡᠳᠡᠵᠡᠢ᠃
ᠲᠠᠬᠢᠯᠭ᠎ᠠ ᠲᠠᠭᠤᠰᠤᠬᠰᠠᠨ ᠤ ᠲᠠᠷᠠᠭ᠎ᠠ᠂ ︽ᠲᠦᠰᠢᠶᠡᠳᠦ ᠪᠦᠬᠡ ᠶᠢᠨ ᠨᠡᠶᠢᠭᠡᠮᠯᠢᠭ︾ᠡᠴᠡ ᠲᠠᠬᠢᠯᠭ᠎ᠠ ᠶᠢᠨ ᠤᠪᠤᠭᠠᠨ ᠤ ᠵᠡᠭᠦᠨᠳᠡᠬᠢ ︽ᠪᠦᠬᠡ︉ ᠶᠢᠨ ᠲᠠᠯ᠎ᠠ︾ ᠳ᠋ᠦ ᠲᠦᠰᠢᠶᠡᠳᠦ ᠬᠤᠰᠢᠭᠤᠨ ᠤ 2017 ᠤᠨ ᠤ ᠮᠤᠡᠭᠭᠤᠯ ᠪᠦᠬᠡ ᠶᠢᠨ ᠬᠤᠯᠪᠤᠭᠠᠳᠦ ᠤᠷᠤᠯᠳᠤᠭᠠᠨ ᠤ ᠭᠤᠷᠪᠠᠳᠤᠭᠠᠷ ᠲᠠᠯᠠᠪᠤᠷ ᠬᠤᠪᠢᠶᠠᠷᠢ ᠤᠷᠤᠯᠳᠤᠭᠠᠨ ᠢᠶᠡᠨ ᠡᠬᠢᠯᠡᠭᠦᠯᠪᠡ᠃
ᠪᠦᠬᠡ ᠶᠢᠨ ᠤᠷᠤᠯᠳᠤᠭᠠᠨ ᠳ᠋ᠦ ᠬᠦᠴᠦᠲᠦ 32 ᠪᠦᠬᠡ ᠵᠤᠳᠤᠬᠯᠠᠵᠦ᠂ 8 ᠬᠦᠮᠦᠨ ᠨᠢᠭᠡ ᠲᠤᠭᠤᠶᠢᠯᠠᠡᠭ᠂ ᠨᠡᠶᠢᠳᠡ ᠲᠦᠷᠪᠡᠨ ᠲᠤᠭᠤᠶᠢᠯᠠᠡᠭ ᠬᠤᠪᠢᠶᠠᠨ᠂ ᠲᠤᠭᠤᠶᠢᠯᠠᠡᠭ ᠲᠤᠳᠤᠷ᠎ᠠ ᠪᠠᠨ ᠡᠭᠡᠯᠵᠢᠯᠡᠨ ᠪᠠᠷᠢᠯᠳᠤᠬᠤ ᠲᠦᠷᠢᠮ ᠢᠶᠡᠷ ᠪᠠᠷᠢᠯᠳᠤᠭᠤᠯᠵᠦ ᠪᠠᠶᠢᠭᠠᠳ᠂ ᠲᠤᠭᠤᠶᠢᠯᠠᠡᠭ ᠪᠦᠷᠢ ᠶᠢᠨ ᠲᠡᠷᠢᠭᠦᠨ ᠲᠡᠳ᠋ ᠪᠦᠬᠡ ᠶᠢ ᠰᠢᠯᠭᠠᠷᠠᠭᠤᠯᠤᠨ ᠭᠠᠷᠭᠠᠵᠦ ᠲᠡᠭᠡᠳᠦ ᠨᠠᠢᠮᠠ ᠶᠢᠨ ᠰᠶᠢᠳᠪᠦᠷᠢᠲᠦ ᠪᠠᠷᠢᠯᠳᠤᠭᠠᠨ ᠳ᠋ᠦ ᠤᠷᠤᠯᠴᠠᠬᠤ ᠡᠷᠭᠡ︉ᠲᠦ ᠶᠢ ᠦᠭᠴᠦ᠂ ᠲᠠᠬᠢᠨ ᠰᠢᠪᠠᠭ᠎ᠠ ᠲᠠᠳᠠᠭᠤᠯᠵᠦ ᠪᠠᠶᠢᠭᠠᠳ ᠰᠢᠯᠢᠬᠦ ᠲᠦᠷᠢᠮ ᠢᠶᠡᠷ ᠪᠠᠷᠢᠯᠳᠤᠭᠤᠯᠤᠨ ᠲᠡᠷᠢᠭᠦᠨ ᠲᠡᠳ᠋ ᠪᠦᠬᠡ ᠶᠢ ᠰᠢᠯᠭᠠᠷᠠᠭᠤᠯᠤᠨ ᠭᠠᠷᠭᠠᠬᠰᠠᠨ ᠪᠠᠶᠢᠨ᠎ᠠ᠃ ᠲᠡᠷᠢᠭᠦᠨ ᠪᠠᠶᠢᠷᠢᠨ ᠳ᠋ᠦ ᠬᠤᠶᠠᠷᠰᠤᠮᠤ ᠪᠠᠯᠭᠠᠰᠤᠨ ᠤ ᠲᠦᠪᠰᠢᠨ᠂ ᠲᠡᠳ᠋ ᠪᠠᠶᠢᠷᠢᠨ ᠳ᠋ᠦ ᠪᠠᠷᠠᠭᠤᠨ ᠵᠢᠷᠢᠮ ᠪᠠᠯᠭᠠᠰᠤᠨ ᠤ ᠱᠤᠧᠠᠡᠭ ᠯᠦᠡᠭ᠂ ᠭᠤᠷᠪᠠᠳᠤᠭᠠᠷ ᠲᠦᠷᠪᠡᠳᠦᠭᠡᠷ ᠨᠡᠷᠡᠰ ᠲᠦ ᠬᠠᠰᠪᠠᠭᠠᠳᠤᠷ ᠪᠤᠯᠤᠨ ᠬᠠᠨ ᠰᠡᠴᠡᠨ ᠲᠤᠰ ᠲᠤᠰ ᠲᠤᠳᠤᠷᠠᠬᠰᠠᠨ ᠪᠠᠶᠢᠨ᠎ᠠ᠃ ᠦᠨᠦ ᠬᠤᠪᠢᠶᠠᠷᠢ ᠤᠷᠤᠯᠳᠤᠭᠠᠨ ᠤ ᠲᠡᠭᠡᠳᠦ ᠲᠦᠷᠪᠡᠨ ᠪᠦᠬᠡ 8 ᠰᠠᠷ᠎ᠠ ᠳ᠋ᠦ ᠶᠠᠪᠤᠬᠳᠠᠬᠤ ᠭᠡᠵᠦ ᠪᠠᠶᠢᠭ᠎ᠠ ᠲᠦᠰᠢᠶᠡᠳᠦ ᠬᠤᠰᠢᠭᠤᠨ ᠤ 2017 ᠤᠨ ᠤ ᠮᠤᠡᠭᠭᠤᠯ ᠪᠦᠬᠡ ᠶᠢᠨ ᠬᠤᠯᠪᠤᠭᠠᠳᠦ ᠤᠷᠤᠯᠳᠤᠭᠠᠨ ᠤ ᠤᠨ ᠤ ᠮᠠᠡᠭᠯᠠᠢ ᠰᠢᠯᠭᠠᠷᠠᠭᠤᠯᠬᠤ ᠤᠷᠤᠯᠳᠤᠭᠠᠨ ᠳ᠋ᠦ ᠤᠷᠤᠯᠴᠠᠬᠤ ᠡᠷᠬᠡ ᠶᠢ ᠤᠯᠤᠬᠰᠠᠨ ᠪᠠᠶᠢᠨ᠎ᠠ᠃
ᠲᠦᠰᠢᠶᠡᠳᠦ ᠨᠤᠳᠤᠬ ᠤᠨ ᠮᠤᠡᠭᠭᠤᠯᠴᠤᠳ ᠮᠤᠡᠭᠭᠤᠯ ᠰᠤᠶᠤᠯ᠂ ᠮᠤᠡᠭᠭᠤᠯ ᠪᠦᠬᠡ ᠶᠢᠨ ᠢᠷᠡᠭᠡᠳᠦᠢ ᠶᠢᠨ ᠬᠦᠭᠵᠢᠯᠳᠡ ᠶᠢᠨ ᠲᠦᠯᠦᠭᠡ ᠬᠠᠮᠳᠦ ᠪᠡᠷ ᠢᠶᠡᠨ ᠬᠦᠴᠦᠯᠡᠨ ᠴᠢᠷᠮᠠᠶᠢᠵᠦ ᠪᠠᠶᠢᠭ᠎ᠠ ᠪᠢᠯᠡ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ