6 ᠰᠠᠷ᠎ᠠ ᠶᠢᠨ 24 ᠤ ᠡᠳᠦᠷ ᠶᠠᠪᠤᠬᠳᠠᠬᠰᠠᠨ ᠬᠤᠶᠠᠳᠤᠭᠠᠷ ᠬᠤᠭᠤᠴᠠᠭᠠᠨ ᠤ ︽ᠦᠪᠦᠷ ᠮᠤᠡᠭᠭᠤᠯ︾ ᠬᠤᠨᠳᠠᠭᠠᠳᠦ ᠮᠤᠡᠭᠭᠤᠯ ᠪᠦᠬᠡ ᠶᠢᠨ ᠨᠠᠶᠢᠷ ᠤᠨ ᠬᠤᠪᠢ ᠬᠦᠮᠦᠨ ᠤ ᠪᠠᠷᠢᠯᠳᠤᠭᠠᠨ ᠳ᠋ᠦ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ ᠪᠡᠷ ᠨᠤᠳᠤᠬᠲᠠᠢ ᠭᠡᠭᠡᠷᠡᠬᠦ ᠲᠡᠷᠢᠭᠦᠯᠡᠨ ᠤᠷᠤᠨ ᠠᠪᠤᠷᠭᠤ ᠴᠤᠯᠠ ᠬᠠᠮᠠᠭᠠᠯᠠᠬᠰᠠᠨ ᠪᠠᠶᠢᠨ᠎ᠠ᠃
ᠬᠤᠶᠠᠳᠤᠭᠠᠷ ᠬᠤᠭᠤᠴᠠᠭᠠᠨ ᠤ ᠦᠪᠦᠷ ᠮᠤᠡᠭᠭᠤᠯ ᠬᠤᠨᠳᠠᠭᠠᠳᠦ ᠮᠤᠡᠭᠭᠤᠯ ᠪᠦᠬᠡ ᠶᠢᠨ ᠨᠠᠶᠢᠷ ᠨᠢ ᠤᠷᠤᠯᠳᠤᠭᠠᠨ ᠳ᠋ᠦ ᠤᠷᠤᠯᠴᠠᠬᠰᠠᠨ ᠪᠦᠬᠡᠴᠢᠳ ᠢᠶᠡᠨ ᠤᠷᠢᠳᠠᠪᠡᠷ ᠲᠦᠷᠪᠡᠨ ᠲᠤᠭᠤᠶᠢᠯᠠᠡᠭ ᠬᠤᠪᠢᠶᠠᠵᠦ᠂ ᠡᠭᠡᠯᠵᠢᠯᠡᠨ ᠪᠠᠷᠢᠯᠳᠤᠭᠤᠯᠬᠤ ᠠᠷᠭ᠎ᠠ ᠪᠡᠷ ᠲᠤᠭᠤᠶᠢᠯᠠᠡᠭ ᠪᠦᠷᠢ ᠶᠢᠨ ᠲᠡᠭᠡᠳᠦ ᠨᠠᠶᠮᠠ ᠶᠢ ᠰᠢᠯᠭᠠᠷᠠᠭᠤᠯᠤᠨ ᠭᠠᠷᠭᠠᠵᠦ᠂ ᠲᠠᠬᠢᠨ ᠲᠦᠷᠪᠡᠨ ᠲᠤᠭᠤᠶᠢᠯᠠᠡᠭ ᠡᠴᠡ ᠰᠢᠯᠭᠠᠷᠠᠨ ᠭᠠᠷᠴᠦ ᠢᠷᠡᠭᠰᠡᠨ ᠰᠢᠯᠢᠳᠡᠭ ᠭᠤᠴᠢᠨ ᠬᠤᠶᠠᠷ ᠪᠦᠬᠡ ᠪᠡᠨ ᠱᠠᠳᠤᠯᠵᠢᠨ ᠤᠨᠤᠭ᠎ᠠ ᠪᠡᠷ ᠪᠠᠷᠢᠯᠳᠤᠭᠤᠯᠤᠬᠰᠠᠨ ᠪᠠᠶᠢᠯ᠎ᠠ᠃ ᠪᠦᠬᠡᠴᠢᠨ ᠭᠡᠭᠡᠷᠡᠬᠦ ᠲᠡᠭᠡᠳᠦ ᠭᠤᠴᠢᠨ ᠬᠤᠶᠠᠷ ᠤᠨ ᠪᠠᠷᠢᠯᠳᠤᠭᠠᠨ ᠡᠴᠡ ᠡᠬᠢᠯᠡᠨ ᠡᠡᠭᠭᠦᠷᠡᠢ᠂ ᠴᠢᠡᠭᠵᠤᠷᠢᠬ᠂ ᠴᠢᠬᠢᠷᠠᠬ᠂ ᠪᠠᠳᠤᠵᠢᠷᠭᠠᠯ᠂ ᠰᠡᠴᠡᠨᠪᠢᠯᠢᠭ ᠵᠡᠷᠭᠡ ᠪᠦᠬᠡᠴᠢᠨ ᠢᠶᠡᠷ ᠲᠠᠪᠠᠵᠦ ᠲᠡᠷᠢᠭᠦᠯᠡᠭᠰᠡᠨ ᠪᠠᠶᠢᠨ᠎ᠠ᠃ ᠪᠦᠬᠡᠴᠢᠨ ᠭᠡᠭᠡᠷᠡᠬᠦ ᠦᠪᠦᠷ ᠮᠤᠡᠭᠭᠤᠯ ᠬᠤᠨᠳᠠᠭᠠᠳᠦ ᠪᠦᠬᠡ ᠶᠢᠨ ᠤᠷᠤᠯᠳᠤᠭᠠᠨ ᠳ᠋ᠦ ᠬᠤᠶᠠᠷ ᠵᠢᠯ ᠲᠠᠷᠠᠭᠠᠯᠠᠨ ᠲᠡᠷᠢᠭᠦᠯᠡᠵᠦ ᠤᠷᠤᠨ ᠤ ᠠᠪᠤᠷᠭᠤ ᠪᠤᠯᠬᠤ ᠪᠤᠯᠵᠤᠯ ᠢ ᠬᠠᠡᠭᠭᠠᠬᠰᠠᠨ ᠡᠴᠡ ᠤᠷᠤᠨ ᠤ ᠠᠷᠰᠯᠠᠨ ᠴᠤᠯᠠ ᠪᠠᠨ ᠠᠬᠢᠭᠤᠯᠵᠦ᠂ ᠤᠷᠤᠨ ᠤ ᠠᠪᠤᠷᠭᠤ ᠴᠤᠯᠠ ᠬᠠᠮᠠᠭᠠᠯᠠᠵᠦ ᠪᠢᠯᠡ᠃ ᠰᠡᠴᠡᠨᠪᠢᠯᠢᠭ ᠲᠡᠳ᠋ᠯᠡᠵᠦ ᠤᠷᠤᠨ ᠤ ᠭᠠᠷᠤᠳᠢ ᠴᠤᠯᠠ ᠬᠦᠷᠳᠡᠵᠦ᠂ ᠪᠠᠳᠤᠵᠢᠷᠭᠠᠯ᠂ ᠦᠨᠳᠦᠰᠦ ᠲᠡᠭᠡᠳᠦ ᠲᠦᠷᠪᠡ ᠳ᠋ᠦ ᠤᠷᠤᠵᠦ ᠤᠷᠤᠨ ᠤ ᠵᠠᠭᠠᠨ ᠴᠤᠯᠠ ᠬᠦᠷᠳᠡᠪᠡ᠃ ᠡᠷᠳᠡᠨᠢᠴᠤᠬᠲᠦ᠂ ᠴᠢᠬᠢᠷᠠᠬ᠂ ᠰᠤᠨᠢᠨᠪᠠᠶᠠᠷ᠂ ᠴᠡᠯᠡᠭᠡᠷ ᠵᠡᠷᠭᠡ ᠲᠦᠷᠪᠡᠨ ᠪᠦᠬᠡ ᠤᠷᠤᠨ ᠤ ᠬᠠᠷᠴᠠᠭᠠᠢ ᠴᠤᠯᠠ ᠬᠦᠷᠳᠡᠵᠦ᠂ ᠠᠯᠳᠠᠨᠳᠤᠭᠤᠯᠭ᠎ᠠ ︵ᠵᠡᠭᠦᠨ ᠰᠦᠨᠢᠳ︶᠂ ᠢᠪᠡᠭᠡᠯᠲᠦ᠂ ᠴᠠᠭᠠᠵᠠᠭᠠᠨ ︵ᠠᠪᠠᠭ᠎ᠠ ᠬᠤᠰᠢᠭᠤ︶᠂ ᠰᠡᠳᠭᠢᠯᠲᠦ᠂ ᠨᠠᠴᠢᠨ᠂ ᠴᠢᠡᠭᠵᠤᠷᠢᠬ᠂ ᠭᠠᠡᠭᠰᠦᠢᠬᠡ᠂ ᠦᠷᠨᠢᠯᠲᠦ ᠵᠡᠷᠭᠡ ᠪᠦᠬᠡᠴᠢᠨ ᠨᠠᠴᠢᠨ ᠴᠤᠯᠠᠨ ᠳ᠋ᠦ ᠬᠦᠷᠦᠭᠰᠡᠨ ᠪᠠᠶᠢᠨ᠎ᠠ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ