ᠮᠤᠡᠭᠭᠤᠯ ᠰᠢᠳᠠᠷ᠎ᠠ ᠨᠢ ᠡᠷᠳᠡᠨ ᠤ ᠮᠤᠡᠭᠭᠤᠯᠴᠤᠳ ᠤᠨ ᠤᠢ ᠪᠢᠯᠢᠭ ᠤᠨ ᠪᠦᠳᠦᠭᠡᠭᠳᠡᠭᠦᠨ᠃ ᠡᠨᠡ ᠨᠢ ᠪᠡᠶ᠎ᠡ ᠲᠠᠮᠢᠷ᠂ ᠠᠵᠦ ᠠᠬᠤᠢ᠂ ᠰᠤᠶᠤᠯ᠂ ᠵᠤᠭ᠎ᠠ ᠴᠡᠡᠭᠭᠡᠯ᠂ ᠰᠢᠨᠵᠢᠯᠡᠬᠦ ᠤᠬᠠᠭᠠᠨ᠂ ᠤᠷᠠᠯᠢᠬ ᠵᠡᠷᠭᠡ ᠶᠢ ᠠᠭᠤᠰᠬᠠᠬᠰᠠᠨ ᠨᠢᠭᠡ ᠵᠦᠢᠯ ᠤᠨ ᠤᠶᠤᠨ ᠤ ᠲᠤᠬᠯᠠᠭᠠᠮ ᠪᠤᠯᠤᠨ᠎ᠠ᠃ 

 ᠤᠶᠢᠷ ᠠ ᠳ᠋ᠦ᠂ ᠠᠪᠠᠭ᠎ᠠ ᠮᠦᠽᠧᠧᠢ ᠳ᠋ᠦ ᠠᠪᠠᠭ᠎ᠠ ᠬᠤᠰᠢᠭᠤᠨ ᠤ ᠮᠤᠡᠭᠭᠤᠯ ᠰᠢᠳᠠᠷ᠎ᠠ ᠶᠢᠨ ᠨᠡᠶᠢᠭᠡᠮᠯᠢᠭ ᠤᠨ ᠭᠤᠷᠪᠠᠳᠤᠭᠠᠷ ᠬᠤᠭᠤᠴᠠᠭᠠᠨ ᠤ ᠪᠦᠬᠦ ᠭᠡᠰᠢᠭᠦᠳ ᠤᠨ ᠬᠤᠷᠠᠯ ᠢᠶᠡᠷ ᠲᠠᠮᠵᠢᠭᠤᠯᠤᠨ ᠠᠪᠠᠭ᠎ᠠ ᠬᠤᠰᠢᠭᠤᠨ ᠤ ᠮᠤᠡᠭᠭᠤᠯ ᠰᠢᠳᠠᠷ᠎ᠠ ᠶᠢᠨ ᠨᠡᠶᠢᠭᠡᠮᠯᠢᠭ ᠤᠨ ᠰᠢᠳᠠᠷ᠎ᠠ ᠨᠠᠭᠠᠳᠬᠤ ᠲᠦᠷᠢᠮ ᠢ ᠪᠠᠳᠤᠯᠠᠨ ᠲᠤᠬᠲᠠᠭᠠᠵᠦ ᠲᠤᠷᠰᠢᠨ ᠬᠡᠷᠡᠭᠯᠡᠬᠦ ᠪᠡᠷ ᠪᠤᠯᠤᠬᠰᠠᠨ ᠳ᠋ᠦ ᠡᠨᠡ ᠲᠤᠬᠠᠢ ᠲᠡᠳᠡᠨ ᠡᠴᠡ ᠰᠤᠷᠪᠤᠯᠵᠢᠯᠠᠭ᠎ᠠ ᠠᠪᠤᠬᠰᠠᠨ ᠪᠠᠶᠢᠨ᠎ᠠ᠃

 ᠠᠪᠠᠭ᠎ᠠ ᠬᠤᠰᠢᠭᠤᠨ ᠤ ᠰᠢᠳᠠᠷ᠎ᠠ ᠶᠢᠨ ᠨᠡᠶᠢᠭᠡᠮᠯᠢᠭ ᠤᠨ ᠲᠡᠳ᠋ ᠲᠡᠷᠢᠭᠦᠯᠡᠭᠴᠢ ᠪᠠᠶᠠᠨᠳᠤᠬ ᠰᠤᠮᠤᠨ ᠤ ᠮᠠᠯᠴᠢᠨ ᠬᠠ‍· ᠢᠯᠠᠯᠲᠠ ︽ᠶᠠᠭᠤᠨ ᠤ ᠤᠷᠢᠳ ᠰᠢᠳᠠᠷ᠎ᠠ ᠡᠬᠢᠯᠡᠬᠦ ᠳ᠋ᠦ ᠪᠡᠨ ᠴᠠᠭᠠᠨ ᠲᠠᠯ᠎ᠠ ᠨᠢ ᠡᠮᠦᠨ᠎ᠡ ᠡᠴᠡ ᠡᠬᠢᠯᠡᠨ ᠨᠡᠭᠦᠨ᠎ᠠ᠂ ᠨᠤᠶᠠᠨ ᠢ ᠨᠢᠴᠦᠭᠦᠯᠡᠬᠦ ᠦᠭᠡᠢ᠂ ᠲᠠᠷᠬᠠᠨ ᠦᠯᠡᠳᠡᠭᠡᠵᠦ ᠨᠠᠭᠠᠳᠤᠨ᠎ᠠ᠂ ᠬᠦᠦ ᠭᠠᠷᠤᠮᠠᠬᠴᠠ ᠪᠠᠨ ᠬᠠᠡᠭᠭᠠᠢ ᠪᠠᠨ ᠭᠤᠷᠪᠠ ᠨᠢᠳᠤᠯᠵᠦ ᠪᠠᠭᠤᠪᠠᠯ ᠪᠠᠷᠰᠠ ᠪᠤᠯᠤᠨ᠎ᠠ᠂ ᠬᠦᠴᠦᠨ ᠦᠭᠡᠢ ᠱᠠᠯᠠᠵᠦ ᠪᠤᠯᠬᠤ ᠦᠭᠡᠢ᠂ ᠪᠠᠷᠢᠬᠰᠠᠨ ᠰᠢᠷ᠎ᠠ ᠪᠠᠨ ᠵᠠᠪᠠᠯ ᠨᠡᠭᠦᠨ᠎ᠡ᠂ ᠬᠠᠶᠢᠨ ᠰᠢᠳᠠᠷ᠎ᠠ ᠶᠢᠨ ᠬᠤᠪᠢ ᠶᠢ ᠨᠢ ᠬᠤᠪᠢᠶᠠᠵᠦ ᠲᠠᠰᠤᠯᠤᠨ ᠠ᠂ ᠮᠤᠷᠢᠨ ᠰᠢᠭᠤᠷᠭ᠎ᠠ ᠬᠢᠬᠦ ᠦᠭᠡᠢ᠂ ᠲᠠᠡᠭᠳᠠᠢ ᠰᠠᠯᠠᠭ᠎ᠠ ᠶᠢ ᠬᠠᠶᠢᠨ ᠢᠶᠡᠷ ᠲᠠᠰᠤᠯᠤᠨ᠎ᠠ᠂ ᠨᠤᠶᠠᠨ ᠢᠶᠡᠨ ᠨᠡᠭᠡᠭᠡᠪᠡᠯ ᠱᠦᠭᠦᠭᠳᠡᠨ᠎ᠡ︾   ᠭᠡᠬᠦ ᠵᠡᠷᠭᠡ ᠲᠦᠷᠢᠮ ᠲᠤᠬᠳᠠᠭᠠᠯ ᠢ ᠲᠤᠬᠲᠠᠭᠠᠨ ᠲᠤᠷᠰᠢᠨ ᠬᠡᠷᠡᠭᠯᠡᠨ ᠮᠤᠡᠭᠭᠤᠯ ᠰᠢᠳᠠᠷ᠎ᠠ ᠶᠢ ᠤᠯᠠᠨ ᠲᠦᠷᠢᠮᠵᠢᠭᠦᠨ ᠪᠤᠯᠭᠠᠬᠤ ᠪᠡᠷ ᠪᠠᠶᠢᠨ᠎᠎ᠠ  ᠭᠡᠯ᠎ᠡ᠃

 ᠠᠪᠠᠭ᠎ᠠ ᠬᠤᠰᠢᠭᠤᠨ ᠤ ᠮᠤᠡᠭᠭᠤᠯ ᠪᠠᠭ᠎ᠠ ᠰᠤᠷᠭᠠᠭᠤᠯᠢ ᠶᠢᠨ ᠪᠠᠬᠰᠢ ᠰᠠᠷᠠᠭᠤᠯ︽ᠰᠢᠳᠠᠷ᠎ ᠨᠢ ᠨᠢᠭᠡ ᠵᠦᠢᠯ ᠤᠨ ᠰᠤᠶᠤᠯ ᠤᠨ ᠬᠡᠯᠪᠡᠷᠢ ᠪᠡᠷ ᠰᠤᠷᠭᠠᠭᠤᠯᠢ ᠶᠢᠨ ᠬᠦᠷᠢᠶᠡᠨ ᠳ᠋ᠦ ᠲᠡᠯᠭᠡᠷᠡᠬᠦ ᠨᠢ ᠦᠨᠳᠦᠰᠦᠲᠡᠨ ᠤ ᠰᠤᠶᠤᠯ ᠤᠷᠠᠯᠢᠬ ᠤᠨ ᠪᠠᠳᠠᠷᠨᠨ ᠬᠦᠭᠵᠢᠬᠦ ᠬᠠᠮᠤᠬ ᠰᠢᠭᠤᠳ ᠠᠴᠢᠶᠠᠯᠠᠪᠤᠷᠢ ᠪᠤᠯᠤᠬᠰᠠᠨ ᠢᠶᠡᠷ ᠪᠠᠷᠠᠬᠤ ᠦᠭᠡᠢ ᠰᠤᠷᠤᠬᠴᠢᠳ ᠤᠨ ᠤᠶᠤᠨ ᠤᠬᠠᠭᠠᠨ ᠪᠤᠯᠤᠨ ᠶᠡᠷᠦᠡᠭᠬᠡᠢ ᠬᠡᠪ ᠴᠢᠨᠠᠷ ᠢ ᠲᠡᠭᠡᠭᠰᠢᠯᠡᠭᠦᠯᠬᠦ ᠴᠢᠬᠤᠯᠠ ᠠᠷᠭ᠎ᠠ ᠵᠠᠮ ᠪᠤᠯᠵᠦ᠂ ᠲᠡᠭᠦᠨ ᠤ ᠦᠢᠯᠡᠳᠦᠯ ᠬᠢᠭᠡᠳ ᠤᠳᠬ᠎ᠠ ᠠᠭᠤᠯᠭ᠎ᠠ ᠨᠢ ᠬᠡᠮᠵᠢᠶᠡᠯᠡᠰᠢ ᠦᠭᠡᠢ᠃ ᠬᠡᠪ ᠴᠢᠨᠠᠷ ᠤᠨ ᠰᠤᠷᠭᠠᠨ ᠬᠦᠮᠦᠨ ᠤᠨ ᠪᠦᠬᠦ ᠲᠠᠯ᠎ᠠ ᠶᠢᠨ ᠬᠦᠭᠵᠢᠯᠳᠡ ᠪᠤᠯᠤᠨ ᠰᠤᠷᠤᠬᠴᠢᠳ ᠤᠨ ᠪᠦᠬᠦᠯᠢ ᠴᠤᠬᠴᠠ ᠶᠢᠨ ᠬᠡᠪ ᠴᠢᠨᠠᠷ ᠤᠨ ᠲᠡᠭᠡᠭᠰᠢᠯᠡᠭᠦᠯᠦᠯᠲᠡ ᠨᠢ ᠰᠤᠷᠭᠠᠨ ᠬᠦᠮᠦᠵᠢᠯ ᠤᠨ ᠵᠠᠶᠢᠯᠠᠰᠢ ᠦᠭᠡᠢ ᠴᠢᠨᠠᠷ ᠪᠤᠯᠵᠦ ᠬᠦᠭᠵᠢᠵᠦ ᠪᠠᠶᠢᠨ᠎ᠠ︾ ᠭᠡᠯ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ