ᠠᠮᠧᠷᠢᠺᠡ ᠶᠢᠨ ᠰᠢᠨᠵᠢᠯᠡᠬᠦ ᠤᠬᠠᠭᠠᠨᠳᠠᠳ ᠤᠨ ᠢᠯᠡᠷᠡᠬᠦᠯᠦᠭᠰᠡᠨ ᠢᠶᠠᠷ᠂ ᠨᠠᠰᠤᠳᠠᠶᠢᠴᠤᠤᠯ ᠤᠳᠠᠭᠠᠨ ᠰᠠᠭᠤᠬᠤ ᠨᠢ ᠲᠡᠳᠡᠨ ᠤ ᠦᠳᠡᠯᠬᠦ ᠬᠤᠷᠳᠤᠴᠠ ᠶᠢ ᠲᠦᠷᠭᠡᠳᠭᠡᠨ᠎ᠡ᠃ ᠨᠢᠬᠡ ᠡᠳᠦᠷ ᠲᠤ 10 ᠴᠠᠭ ᠠᠴᠠ ᠲᠡᠭᠡᠭᠰᠢ ᠨᠠᠮ ᠰᠠᠭᠤᠬᠤ ᠪᠦᠭᠡᠳ 40 ᠮᠢᠨᠦ᠋ᠲ ᠠᠴᠠ ᠲᠤᠷᠤᠭᠰᠢ ᠬᠦᠳᠡᠯᠬᠡᠬᠡᠨ ᠬᠢᠭᠰᠡᠳ ᠦᠪᠡᠷ ᠤᠨ ᠪᠤᠳᠠᠳᠠᠢ  ᠨᠠᠰᠤᠨ ᠠᠴᠠ ᠪᠠᠨ ᠠᠳᠠᠬ ᠲᠠᠭᠠᠨ  8 ᠨᠠᠰᠦ  ᠡᠷᠳᠡ ᠦᠳᠡᠯᠦᠨ᠎ᠠ᠃ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠤᠳᠤᠯᠭᠠᠳᠠᠳ 1500 ᠨᠡᠷ᠎ᠠ 64-95 ᠨᠠᠰᠤᠨ ᠤ ᠨᠠᠰᠤᠳᠠᠶᠢᠴᠤᠳ ᠲᠤ ᠬᠢᠨᠠᠨ ᠬᠡᠮᠵᠢᠯᠳᠡ ᠶᠢᠨ ᠲᠦᠬᠦᠬᠡᠷᠦᠮᠵᠢ ᠵᠡᠬᠦᠯᠬᠡᠨ᠂  ᠳᠡᠳᠡᠨ ᠤ   ᠨᠢᠬᠡ   ᠭᠠᠷᠠᠭ ᠤᠨ  ᠬᠤᠭᠤᠴᠠᠭᠠᠨ ᠳᠠᠬᠢ   ᠬᠦᠳᠡᠯᠬᠡᠬᠡᠨ ᠤ   ᠪᠠᠶᠢᠳᠠᠯ ᠢ ᠳᠡᠮᠳᠡᠭᠯᠡᠵᠦ᠂ ᠲᠡᠬᠢᠨ ᠴᠢᠰᠤᠨ ᠤ ᠪᠠᠶᠢᠴᠠᠭᠠᠯᠳᠠ ᠪᠠᠷ ᠲᠠᠮᠵᠢᠨ ᠳᠡᠳᠡᠨ ᠤ ᠪᠡᠶ᠎ᠠ ᠶᠢᠨ ᠡᠰ ᠤᠨ ᠡᠷᠡᠬᠦᠯ  ᠴᠢᠬᠢᠷᠠᠬ ᠤᠨ ᠪᠠᠶᠢᠳᠠᠯ ᠢ ᠵᠠᠳᠠᠯᠪᠠ᠃ ᠪᠠᠶᠢᠴᠠᠭᠠᠯᠳᠠ ᠶᠢᠨ ᠳ᠋ᠦᠡᠭ ᠳᠤ᠂ ᠬᠦᠳᠡᠯᠬᠡᠬᠡᠨ ᠪᠠᠭᠠᠳᠠᠢ ᠨᠠᠰᠤᠳᠠᠶᠢᠴᠤᠳ ᠤᠨ ᠡᠰ ᠮᠠᠰᠢ ᠡᠷᠡᠬᠦᠯ ᠪᠤᠰᠤ  ᠮᠦᠷᠳᠡᠬᠡᠨ ᠪᠤᠳᠤᠭᠳᠤ ᠴᠤᠭᠴᠠ ᠶᠢᠨ ᠤᠷᠳᠦ ᠶᠢᠨ ᠬᠡᠮᠵᠢᠶ᠎ᠠ ᠨᠡᠩ ᠤᠬᠤᠷ ᠭᠡᠳᠡᠭ ᠢ ᠢᠯᠡᠷᠡᠬᠦᠯᠵᠡᠢ᠃ ᠪᠤᠳᠤᠭᠳᠦ ᠴᠤᠭᠴᠠ ᠶᠢᠨ ᠦᠵᠦᠬᠦᠷᠯᠢᠭ ᠪᠤᠯ ᠪᠤᠳᠤᠭᠳᠤ ᠴᠤᠭᠴᠠ ᠶᠢᠨ ᠦᠳᠡᠯᠬᠦ ᠶᠢ ᠰᠡᠷᠬᠡᠶᠢᠯᠡᠬᠦ ᠴᠢᠳᠠᠮᠵᠢ ᠲᠠᠢ ᠶᠤᠮ᠃ ᠲᠡᠬᠡᠬᠦ ᠪᠠᠷ᠂ ᠲᠡᠬᠦᠨ ᠢᠶᠠᠷ ᠲᠡᠮᠵᠢᠨ ᠬᠦᠮᠦᠨ ᠤ ᠪᠡᠶ᠎ᠠ ᠮᠠᠬᠠᠪᠤᠳ ᠤᠨ ᠡᠷᠡᠬᠦᠯ ᠴᠢᠬᠢᠷᠠᠭ ᠤᠨ ᠪᠠᠶᠢᠳᠠᠯ ᠢ ᠬᠠᠷᠠᠭᠤᠯᠵᠦ ᠪᠤᠯᠬᠤ ᠮᠦᠷᠳᠡᠬᠡᠨ ᠬᠦᠮᠦᠨ ᠤ ᠠᠮᠢᠳᠤ ᠪᠤᠳᠠᠰ ᠤᠨ ᠨᠠᠰᠦ ᠶᠢ ᠲᠦᠰᠦᠬᠡᠯᠡᠨ ᠪᠤᠳᠤᠵᠦ ᠪᠤᠯᠳᠠᠬ᠃ ᠶᠡᠷᠦᠩᠬᠡᠢ ᠳᠡᠭᠡᠨ᠂ ᠬᠦᠮᠦᠨ ᠤ   ᠪᠤᠳᠠᠳᠠᠢ ᠨᠠᠰᠦ  ᠨᠡᠮᠡᠭᠳᠡᠬᠦ  ᠳᠤᠰᠤᠮ  ᠪᠤᠳᠤᠭᠳᠦ ᠪᠡᠶ᠎ᠠ ᠶᠢᠨ ᠦᠵᠦᠬᠦᠷᠯᠢᠭ ᠤᠯᠠᠮ ᠤᠬᠤᠷ ᠪᠤᠯᠳᠠᠭ᠃ ᠬᠡᠪᠡᠴᠦ ᠤᠳᠠᠭᠠᠨ ᠰᠠᠭᠤᠭᠰᠠᠨ ᠠᠴᠠ ᠪᠤᠯᠤᠬᠰᠠᠨ ᠬᠡᠮ ᠠᠷᠬᠠᠬ ᠢ ᠬᠦᠳᠡᠯᠬᠡᠬᠡᠨ ᠬᠢᠬᠦ ᠪᠠᠷ ᠲᠡᠮᠵᠢᠨ ᠨᠦᠬᠦᠪᠦᠷᠢᠯᠡᠵᠦ ᠪᠤᠯᠤᠨ᠎ᠠ ᠬᠡᠵᠦ ᠰᠤᠳᠤᠯᠭᠠᠳᠠᠳ ᠦᠵᠡᠵᠦ ᠪᠠᠶᠢᠨ᠎ᠠ᠃ ᠲᠤᠬᠠᠢᠢᠯᠠᠪᠠᠯ ᠦᠷᠬᠦᠯᠵᠢ ᠬᠦᠳᠡᠯᠬᠡᠬᠡᠨ ᠬᠢᠬᠦ ᠦᠬᠡᠢ ᠰᠠᠭᠤᠭᠠᠳ ᠯᠡ ᠪᠠᠶᠢᠳᠠᠭ ᠨᠠᠰᠤᠳᠠᠶᠢᠴᠤᠤᠯ ᠡᠳᠦᠷ ᠪᠦᠷᠢ ᠬᠠᠭᠠᠰ ᠴᠠᠭ ᠠᠴᠠ ᠲᠡᠭᠡᠭᠰᠢ ᠬᠦᠳᠡᠯᠬᠡᠬᠡᠨ ᠬᠢᠬᠦ ᠳᠤ ᠬᠦᠷᠪᠡᠯ ᠨᠠᠰᠤ ᠠᠴᠠ ᠪᠠᠨ ᠭᠡᠳᠦ ᠦᠳᠡᠯᠬᠦ ᠠᠴᠠ ᠵᠠᠶᠢᠯᠠᠰᠬᠢᠵᠦ ᠲᠡᠶᠢᠯᠬᠦ ᠶᠤᠮ ᠪᠠᠶᠢᠨ᠎ᠠ᠃

 ᠡᠨᠡᠬᠦ ᠰᠤᠳᠤᠯᠭᠠᠨ ᠨᠢ ᠵᠦᠪᠬᠡᠨ ᠡᠮᠡᠭᠳᠡᠶᠢᠴᠤᠳ ᠢᠶᠠᠷ ᠰᠤᠳᠤᠯᠤᠬᠳᠠᠬᠤᠨ ᠪᠤᠯᠭᠠᠬᠰᠠᠨ ᠶᠤᠮ᠃  ᠤᠳᠠᠭᠠᠨ ᠰᠠᠭᠤᠬᠤ ᠨᠢ ᠪᠠᠰᠠ ᠦᠮᠡᠨ ᠡᠪᠡᠳᠴᠢᠨ᠂ ᠰᠢᠬᠢᠷ ᠰᠢᠵᠢᠩ ᠡᠪᠡᠳᠴᠢᠨ ᠪᠤᠯᠤᠨ ᠵᠢᠷᠦᠭᠡ  ᠴᠢᠰᠦᠨ ᠰᠤᠳᠠᠯ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠵᠤᠬᠢᠬᠤ ᠬᠡᠮᠵᠢᠶ᠎ᠠ ᠪᠠᠷ ᠲᠡᠭᠡᠭᠰᠢᠯᠡᠬᠦᠯᠬᠦ ᠪᠤᠯᠤᠨ᠎ᠠ ᠬᠡᠵᠦ ᠰᠤᠳᠤᠯᠭᠠᠳᠠᠳ ᠰᠠᠨᠠᠭᠤᠯᠵᠦ ᠪᠠᠶᠢᠨ᠎ᠠ᠃  


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ