ᠠᠯᠢ ᠨᠢᠭᠡ ᠭᠡᠷ ᠤᠨ ᠠᠬᠠᠮᠠᠳ ᠴᠦ ᠭᠡᠳ ᠦᠪᠡᠷ ᠤᠨ ᠬᠡᠥᠬᠡᠳ ᠢᠶᠠᠨ ᠤᠯᠠᠮ ᠰᠡᠴᠡᠨ ᠰᠡᠷᠭᠦᠯᠡᠩ ᠥᠰᠬᠡᠵᠦ᠂ ᠰᠡᠭᠦᠯᠡᠷ ᠨᠡᠡᠭ  ᠰᠠᠶᠢᠨ ᠶᠡᠭᠡ ᠰᠣᠷᠭᠠᠭᠤᠯᠢ ᠳᠤ ᠰᠢᠯᠭᠠᠨ ᠤᠷᠤᠭᠤᠯᠬᠤ ᠶᠢ ᠪᠣᠳᠣᠳᠠᠭ᠃ ᠠᠩᠭ᠍ᠯᠢ ᠶᠢᠨ  ︽ᠡᠳᠦᠷ   ᠪᠣᠯᠭᠠᠨ   ᠤ   ᠰᠢᠤᠳᠠᠨ   ᠰᠣᠨᠢᠨ︾ ᠣᠷᠴᠢᠮ ᠤᠨ ᠡᠳᠦᠷ ᠤᠨ ᠮᠡᠳᠡᠭᠡᠯᠡᠭᠰᠡᠨ ᠢᠶᠠᠷ᠂ ᠮᠣᠷᠢ ᠣᠨᠣᠬᠤ ᠨᠢ ᠬᠡᠥᠬᠡᠳ ᠤᠨ ᠰᠣᠷᠬᠤ ᠴᠢᠳᠠᠮᠵᠢ ᠶᠢ ᠳᠡᠭᠡᠭᠰᠢᠯᠡᠭᠦᠯᠵᠣ᠂   ᠬᠡᠥᠬᠡᠳ ᠢ ᠤᠯᠠᠮ ᠰᠡᠴᠡᠨ ᠰᠡᠷᠭᠦᠯᠡᠩ ᠪᠣᠯᠭᠠᠳᠠᠭ ᠶᠠᠫᠣᠨ ᠤ ᠰᠢᠨ᠎ᠡ ᠰᠤᠳᠤᠯᠤᠯ ᠢᠯᠡᠷᠡᠭᠦᠯᠵᠡᠢ ᠭᠡᠵᠦ   ᠠᠮᠧᠷᠢᠺᠡ ᠶᠢᠨ  ︽ᠤᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠡᠮᠤᠨ᠎ᠡ ᠹᠷᠤᠨᠲ︾ ᠰᠡᠳᠭᠦᠯ ᠨᠡᠶᠢᠲᠡᠯᠡᠵᠡᠢ᠃           ᠶᠠᠫᠣᠨ ᠤ ᠲᠣᠣᠺᠢᠣ᠋ ᠲᠠᠷᠢᠶᠠᠯᠠᠩ ᠤᠨ ᠶᠡᠭᠡ ᠰᠣᠷᠭᠠᠭᠤᠯᠢ ᠶᠢᠨ ᠰᠣᠳᠣᠯᠭᠠᠲᠠᠨ ᠮᠢᠲᠰᠦᠺᠢ ᠥᠾᠲᠠ ᠫᠷᠣᠹᠧᠰᠰᠣᠷ ᠪᠣᠯᠣᠨ ᠲᠡᠭᠦᠨ ᠤ ᠰᠣᠳᠣᠯᠭᠠᠨ ᠤ ᠪᠥᠯᠬᠦᠮ ᠤᠨ ᠬᠢᠨ ᠮᠣᠷᠢ ᠣᠨᠣᠬᠤ ᠨᠢ ᠬᠡᠥᠬᠡᠳ ᠤᠨ ᠰᠣᠷᠬᠤ ᠴᠢᠳᠠᠪᠤᠷᠢ ᠳᠤ ᠦᠵᠡᠭᠦᠯᠬᠦ ᠨᠦᠯᠦᠭᠡᠨ ᠤ ᠲᠣᠬᠠᠢ ᠰᠣᠳᠣᠯᠭᠠᠨ ᠬᠢᠪᠡ᠃ ᠲᠣᠷᠰᠢᠯᠲᠠ ᠳᠤ ᠣᠷᠣᠯᠴᠠᠭᠰᠠᠨ ᠬᠡᠥᠬᠡᠳ ᠲᠤ ᠮᠣᠷᠢ ᠣᠨᠣᠬᠤ ᠶᠢᠨ ᠡᠮᠦᠨ᠎ᠡ ᠬᠤᠶᠢᠨᠠᠬᠢ ᠪᠠᠶᠢᠳᠠᠯ  ᠳᠤ ᠲᠣᠰ ᠲᠣᠰ ᠲᠥᠭᠦᠮ ᠬᠠᠷᠢᠭᠤ ᠲᠣᠰᠬᠠᠯᠲᠠ ᠶᠢᠨ ᠬᠡᠮᠵᠢᠯᠲᠡ ᠪᠣᠯᠣᠨ ᠲᠤᠭ᠎ᠠ ᠪᠣᠳᠣᠯᠭ᠎ᠠ ᠶᠢᠨ ᠬᠡᠮᠵᠢᠯᠲᠡ ᠬᠢᠪᠡ᠃ ᠰᠣᠳᠣᠯᠣᠭᠴᠢᠳ ᠪᠠᠰᠠ ᠣᠷᠣᠯᠴᠠᠭᠰᠠᠨ ᠬᠡᠥᠬᠡᠳ ᠤᠨ ᠮᠣᠷᠢ ᠣᠨᠣᠬᠤ ᠦᠶ᠎ᠡ ᠶᠢᠨ ᠵᠢᠷᠦᠬᠡᠨ ᠴᠣᠬᠢᠯᠭ᠎ᠠ ᠳᠤ ᠬᠡᠮᠵᠢᠯᠲᠡ ᠬᠢᠵᠡᠢ᠃ ᠡᠭᠦᠨ ᠤ ᠳ᠋ᠥᠩ ᠳᠤ᠂ ᠮᠣᠷᠢ ᠣᠨᠣᠬᠤ ᠨᠢ ᠬᠡᠥᠬᠡᠳ ᠤᠨ ᠠᠵᠢᠯᠯᠠᠭᠠᠨ ᠤ ᠴᠢᠳᠠᠪᠤᠷᠢ ᠶᠢ ᠢᠯᠡᠳᠲᠡ ᠳᠡᠭᠡᠭᠰᠢᠯᠡᠭᠦᠯᠵᠦ᠂ᠬᠡᠥᠬᠡᠳ ᠤᠨ ᠲᠠᠨᠢᠨ ᠮᠡᠳᠡᠬᠦᠢ ᠴᠢᠳᠠᠪᠣᠷᠢ ᠶᠢ ᠰᠠᠶᠢᠵᠢᠷᠠᠭᠤᠯᠳᠠᠭ ᠢ ᠤᠯᠵᠦ ᠮᠡᠳᠡᠪᠡ᠃ ᠭᠡᠲᠡᠯ᠎ᠡ ᠮᠣᠷᠢ ᠣᠨᠣᠬᠤ ᠨᠢ ᠲᠣᠷᠰᠢᠯᠲᠠ ᠳᠤ ᠣᠷᠣᠯᠴᠠᠭᠰᠠᠨ ᠬᠡᠥᠬᠡᠳ ᠤᠨ ᠲᠤᠭ᠎ᠠ ᠪᠣᠳᠣᠯᠭ᠎ᠠ ᠶᠢᠨ ᠴᠢᠳᠠᠪᠣᠷᠢ ᠶᠢᠨ ᠲᠠᠯ᠎ᠠ ᠳᠤ ᠬᠢ ᠨᠥᠯᠦᠭᠡ ᠲᠡᠳᠦᠢ ᠢᠯᠡᠷᠭᠡᠢ ᠪᠢᠰᠢ ᠪᠠᠶᠢᠯ᠎ᠠ᠃                  

 ᠮᠢᠲᠰᠦᠺᠢ ᠥᠾᠲᠠ ᠬᠡᠯᠡᠬᠦ ᠳᠤ ᠪᠠᠨ᠄ ᠮᠣᠷᠢᠨ ᠤ ᠠᠯᠬᠤᠳᠠᠯ ᠤᠨ ᠨᠢᠭᠡ ᠣᠨᠴᠠᠭᠠᠢ ᠣᠨᠴᠠᠯᠢᠭ ᠪᠣᠯ ᠭᠤᠷᠪᠠᠨ ᠬᠡᠮᠵᠢᠯᠲᠦ ᠬᠤᠷᠳᠣᠴᠠ ᠭᠠᠷᠭᠠᠬᠤ ᠪᠣᠯᠣᠨ᠎ᠠ᠃ ᠮᠣᠷᠢᠨ ᠨᠢᠷᠣᠭᠤᠨ ᠤ ᠳᠣᠷᠭᠢᠯᠲᠠ ᠨᠢ ᠬᠡᠥᠬᠡᠳ ᠤᠨ ᠶᠡᠭᠡ ᠲᠡᠷᠢᠬᠢᠨ ᠤ ᠰᠣᠷᠬᠤ ᠪᠠ ᠴᠡᠭᠡᠵᠢᠯᠡᠬᠦ ᠶᠢ ᠬᠠᠷᠢᠭᠤᠴᠠᠳᠠᠭ ᠰᠢᠰᠲ᠋ᠧᠮ ︵ᠰᠣᠯᠪᠢᠭᠤ ᠮᠡᠳᠡᠷᠡᠯ ᠤᠨ ᠰᠢᠰᠲ᠋ᠧᠮ︶ ᠢ ᠤᠷᠮᠠᠰᠢᠭᠤᠯᠵᠦ᠂   ᠡᠭᠦᠨ ᠪ    ᠤᠯᠠᠮ ᠠᠴᠠ ᠮᠣᠷᠢ ᠣᠨᠣᠬᠤ ᠨᠢ ᠬᠡᠥᠬᠡᠳ ᠤᠨ ᠶᠡᠭᠡ ᠲᠠᠷᠢᠬᠢᠨ ᠤ ᠲᠠᠨᠢᠨ ᠮᠡᠳᠡᠷᠡᠬᠦ ᠴᠢᠳᠠᠪᠣᠷᠢ ᠶᠢ ᠳᠡᠭᠡᠭᠰᠢᠯᠡᠭᠦᠯᠳᠡᠭ ᠪᠠᠶᠢᠨ᠎ᠠ ᠭᠡᠵᠡᠢ᠃                                      

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ