ᠰᠤᠷᠪᠤᠯᠵᠢᠯᠠᠭᠴᠢ ᠦᠪᠡᠷᠳᠡᠬᠡᠨ ᠵᠠᠰᠠᠬᠤ ᠤᠷᠤᠨ ᠤ ᠪᠡᠶ᠎ᠠ ᠶᠢᠨ ᠲᠠᠮᠢᠷ ᠤᠨ ᠲᠤᠪᠴᠢᠶ᠎ᠠ ᠠᠴᠠ ᠦᠢᠯᠠᠭᠠᠭᠰᠠᠠ ᠢᠶᠠᠷ᠂ 4ᠰᠠᠷ᠎ᠠ ᠶᠢᠨ 17 ᠠᠴᠠ 22 ᠤᠨ ᠡᠳᠦᠷ ᠪᠤᠯᠳᠠᠯ᠎ᠠ ᠬᠤᠪᠸᠢ ᠮᠤᠵᠢ ᠶᠢᠨ ᠢ ᠴᠠᠩ ᠬᠤᠳᠠ ᠳᠤ ᠶᠠᠪᠤᠭᠳᠠᠭᠰᠠᠠ 2018 ᠤᠨ ᠤ ᠪᠦᠬᠦ ᠤᠯᠤᠰ ᠤᠨ ᠡᠷᠡᠭᠳᠡᠢ ᠶᠢᠨ ᠬᠦᠨᠳᠤ ᠡᠷᠬᠦᠯᠳᠠ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ + 105 ᠺᠢᠯᠦᠭᠷᠠᠮ ᠲᠡᠰ ᠲᠤ ᠮᠠᠨ ᠤ ᠤᠷᠤᠨ ᠤ ᠵᠠᠯᠠᠭᠤ ᠲᠠᠮᠢᠷᠴᠢᠨ ᠼᠦᠢ ᠫᠧᠩ ᠵᠢᠤᠢ ᠲᠤᠯᠵᠤ ᠡᠷᠬᠦᠬᠦ ᠤᠷᠤᠯᠳᠤᠭᠠᠨ ᠤ ᠮᠦᠩᠬᠦᠨ ᠮᠧᠳᠠᠯ᠂ ᠤᠭᠵᠤᠮ ᠡᠷᠬᠦᠯᠳᠠ  ᠶᠢᠨ ᠤᠷᠤᠯᠳᠤᠭᠠᠨ ᠤ ᠬᠦᠷᠡᠯ ᠮᠧᠳᠠᠯ ᠢ ᠤᠯᠵᠤ᠂ ᠶᠡᠷᠦᠩᠬᠡᠢ ᠬᠤᠪᠢ ᠪᠠᠷ ᠭᠤᠳᠠᠭᠠᠷ ᠲᠤ ᠤᠷᠤᠭᠰᠠᠠ ᠪᠠᠶᠢᠨ᠎ᠠ ᠃

 ᠡᠨᠡ ᠵᠢᠯ ᠰᠠᠶ᠋ᠢ 25 ᠨᠠᠰᠤᠳᠠᠢ ᠼᠦᠢ ᠫᠧᠩ ᠵᠢᠤᠢ ᠪᠠᠶᠠᠨᠨᠠᠭᠤᠷ ᠬᠤᠳᠠ ᠪᠠᠷ ᠨᠤᠳᠤᠭᠳᠠᠢ᠂ 2008 ᠤᠨ ᠳᠤ  ᠦᠪᠡᠷᠳᠡᠭᠡᠨ ᠵᠠᠰᠠᠬᠤ ᠤᠷᠤᠨ ᠤ ᠪᠦᠬᠡ ᠪᠤᠤᠺᠰ ᠲᠠᠶᠢᠺᠦ᠋ᠨᠳᠤᠤ ᠬᠦᠨᠳᠤ ᠡᠷᠬᠦᠯᠳᠠ ᠶᠢᠨ ᠰᠫᠤᠷᠲ ᠤᠨ ᠬᠠᠮᠢᠶᠠᠷᠤᠯᠳᠠ ᠶᠢᠨ ᠲᠦᠪ ᠲᠤ ᠡᠯᠰᠡᠭᠳᠡᠵᠤ᠂ ᠪᠦᠬᠡ ᠪᠠᠷᠢᠯᠳᠤᠬᠤ ᠶᠢ ᠪᠤᠯᠪᠠᠰᠤᠷᠠᠵᠤ ᠪᠠᠶᠢᠪᠠ᠃ ᠰᠡᠬᠦᠯᠡᠷ ᠨᠢ ᠪᠦᠬᠡ ᠶᠢᠨ ᠲᠠᠰᠬᠠᠯᠵᠢᠭᠤᠯᠤᠭᠴᠢ ᠠᠴᠠ ᠲᠡᠬᠦᠨ ᠤ ᠪᠡᠶ᠎ᠠ ᠨᠢ ᠪᠤᠭᠤᠨᠢ᠂ ᠮᠠᠷᠢᠶᠠᠳᠠᠢ᠂ ᠬᠦᠴᠦ ᠴᠢᠳᠠᠯ ᠶᠡᠭᠡ ᠤᠨᠴᠠᠯᠢᠭ ᠢ ᠦᠵᠡᠬᠡᠳ ᠬᠦᠨᠳᠤ ᠡᠷᠬᠦᠯᠳᠠ ᠶᠢ ᠪᠤᠯᠪᠠᠰᠤᠷᠠᠬᠤ ᠳᠤ ᠨᠠᠩ ᠲᠤᠬᠢᠷᠠᠮᠵᠢᠳᠠᠢ ᠵᠢ ᠦᠵᠡᠵᠤ ᠭᠠᠷᠤᠭᠠᠳ ᠬᠦᠨᠳᠤ ᠡᠷᠬᠦᠯᠳᠠ ᠶᠢᠨ ᠠᠩᠬᠢ ᠳᠤ ᠬᠦᠷᠬᠡᠭᠰᠡᠡ ᠪᠠᠶᠢᠨ᠎ᠠ᠃ ᠬᠦᠨᠳᠤ ᠡᠷᠬᠦᠯᠳᠠ ᠶᠢᠨ ᠠᠩᠬᠢ ᠳᠤ ᠼᠦᠢ  ᠫᠸᠩ ᠵᠢᠤᠢ ᠦᠪᠡᠷ ᠤᠨ ᠬᠦᠴᠦ ᠴᠢᠳᠠᠯ ᠢᠶᠠᠨ ᠦᠵᠡᠬᠦᠯᠬᠦ ᠨᠠᠩ ᠶᠡᠭᠡ ᠬᠦᠭᠵᠢᠯᠳᠠ ᠶᠢᠨ ᠤᠷᠤᠨ ᠵᠠᠢ ᠪᠠᠨ ᠤᠯᠵᠤ᠂ ᠬᠡᠳᠦᠨ ᠵᠢᠯ ᠤᠨ ᠬᠠᠳᠠᠭᠤᠵᠢᠯᠳᠠᠢ ᠪᠤᠯᠪᠠᠰᠤᠷᠠᠯ ᠢᠶᠠᠷ ᠲᠡᠮᠵᠢᠨ ᠤᠯᠤᠰ ᠤᠨ ᠡᠮᠦᠨ᠎ᠠ ᠡᠩᠨᠡᠬᠡᠨ ᠳᠤ ᠤᠷᠤᠭᠰᠠᠠ ᠪᠠᠶᠢᠨ᠎ᠠ᠃ 2017 ᠤᠨ  ᠳᠤ ᠶᠠᠪᠤᠭᠳᠠᠭᠰᠠᠠ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ ᠼᠦᠢ ᠫᠧᠩ ᠵᠢᠤᠢ ᠡᠷᠡᠭᠳᠡᠢ ᠶᠢᠨ ᠬᠦᠨᠳᠤ ᠡᠷᠬᠦᠯᠳᠠ ᠶᠢᠨ  ᠬᠦᠷᠡᠯ ᠮᠧᠳᠠᠯ ᠤᠯᠵᠤ᠂ ᠦᠪᠦᠷ ᠮᠤᠩᠭᠤᠯ ᠤᠨ ᠬᠦᠨᠳᠤ ᠡᠷᠬᠦᠯᠳᠠ ᠶᠢᠨ ᠲᠦᠷᠦᠯ ᠵᠦᠢᠯ ᠳᠠᠬᠢ ᠬᠠᠮᠤᠭ ᠤᠨ ᠰᠢᠯᠢᠳᠡᠭ ᠬᠢᠷᠢ ᠪᠦᠳᠦᠮᠵᠢ ᠵᠢ ᠡᠬᠦᠳᠦᠭᠰᠡᠡ ᠪᠠᠶᠢᠨ᠎ᠠ᠃ 


ᠢᠷᠡᠯᠳᠡ : 

ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎᠎ᠠ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ