1.jpg

3 ᠰᠠᠷ᠎ᠠ ᠶᠢᠨ 27 ᠤ ᠡᠳᠦᠷ᠂ 2023 ᠣᠨ ᠤ ᠳᠤᠮᠳᠠᠳᠤ ᠤᠯᠤᠰ ᠤᠨ ᠳᠤᠮᠳᠠᠳᠤ ᠰᠤᠷᠭᠠᠭᠤᠯᠢ ᠶᠢᠨᠰᠤᠷᠤᠭᠴᠢᠳ ᠤᠨ ᠵᠢᠣᠳᠣᠣ ᠶᠢᠨ ᠰᠤᠳᠤᠨ ᠲᠠᠮᠢᠷᠴᠢᠨ ᠰᠢᠯᠭᠠᠷᠠᠭᠤᠯᠬᠤ ᠤᠷᠤᠯᠳᠤᠭᠠᠨ ᠵᠢᠴᠢ U15 ᠳᠡᠯᠡᠬᠡᠢ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠵᠣᠨ ᠤ ᠤᠯᠠᠷᠢᠯ ᠤᠨ ᠲᠠᠮᠢᠷ ᠤᠨ ᠴᠤᠭᠯᠠᠭᠠᠨ ᠤ ᠵᠢᠣᠳᠣᠣᠲᠠᠮᠢᠷᠴᠢᠨ ᠰᠢᠯᠭᠠᠷᠠᠭᠤᠯᠬᠤ ᠤᠷᠤᠯᠳᠤᠭᠠᠨ ᠭᠤᠸᠠᠩᠰᠢ ᠶᠢᠨ ᠪᠧᠢ ᠬᠠᠢ ᠳᠤ ᠶᠠᠪᠤᠭᠳᠠᠵᠤ᠂ ᠪᠥᠬᠦ ᠤᠯᠤᠰ ᠤᠨ ᠡᠯ᠎ᠡ ᠭᠠᠵᠠᠷ ᠤᠨ 32 ᠲᠥᠯᠥᠭᠡᠯᠡᠭᠴᠢᠳ ᠤᠨ ᠠᠩᠭᠢ ᠶᠢᠨ 218 ᠲᠠᠮᠢᠷᠴᠢᠨ ᠤᠷᠤᠯᠳᠤᠭᠠᠨ ᠳᠤ ᠣᠷᠣᠯᠴᠠᠵᠠᠢ᠃

ᠠᠯᠠᠱᠠ ᠠᠶᠢᠮᠠᠭ ᠤᠨ ᠲᠠᠮᠢᠷᠴᠢᠨ ᠰᠠᠴᠤᠷᠠ ᠵᠢᠣᠳᠣᠣ ᠶᠢᠨ ᠡᠮᠡᠭᠲᠡᠢ +63 ᠺᠢᠯᠣᠭ᠍ᠷᠠᠮ ᠤᠨ ᠲᠡᠰ ᠤᠨ ᠤᠷᠤᠯᠳᠤᠭᠠᠨ ᠳᠤ ᠠᠯᠳᠠᠨ ᠮᠧᠳᠠᠯ ᠣᠯᠪᠠ᠂ ᠡᠨᠡ ᠪᠣᠯ ᠠᠯᠠᠱᠠ ᠠᠶᠢᠮᠠᠭ ᠤᠨ ᠲᠠᠮᠢᠷᠴᠢᠨ ᠠᠩᠬ᠎ᠠ ᠤᠳᠠᠭ᠎ᠠ ᠪᠦᠬᠦ ᠤᠯᠤᠰ ᠤᠨ ᠵᠢᠣᠳᠣᠣ ᠶᠢᠨ ᠤᠷᠤᠯᠳᠤᠭᠠᠨ ᠳᠤ ᠠᠯᠳᠠᠨ ᠮᠧᠳᠠᠯ ᠣᠯᠵᠤ ᠪᠠᠶᠢᠭ᠎ᠠ ᠶᠠᠪᠤᠳᠠᠯ ᠪᠣᠯᠣᠨ᠎ᠠ᠃    

ᠲᠤᠰ ᠤᠳᠠᠭ᠎ᠠ ᠶᠢᠨ ᠤᠷᠤᠯᠳᠤᠭᠠᠨ ᠢ ᠳᠤᠮᠳᠠᠳᠤ ᠤᠯᠤᠰ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠶᠢᠨ ᠲᠠᠮᠢᠷ ᠤᠨ ᠨᠡᠶᠢᠭᠡᠮᠯᠢᠭ ᠠᠴᠠ ᠭᠤᠣᠯᠯᠠᠨ ᠡᠷᠬᠢᠯᠡᠵᠦ᠂ ᠳᠤᠮᠳᠠᠳᠤ ᠤᠯᠤᠰ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠶᠢᠨ ᠨᠡᠶᠢᠭᠡᠮᠯᠢᠭ ᠤᠨ ᠵᠢᠤᠳᠤᠤ ᠶᠢᠨ ᠬᠤᠪᠢᠶᠠᠷᠢ ᠨᠡᠶᠢᠭᠡᠮᠯᠢᠭ ᠬᠠᠮᠵᠢᠯᠴᠠᠨ ᠡᠷᠬᠢᠯᠡᠪᠡ᠃ ᠲᠣᠰ ᠤᠳᠠᠭᠠᠨ ᠤ ᠤᠷᠤᠯᠳᠤᠭᠠᠨ ᠢᠶᠠᠷ ᠳᠡᠮᠵᠢᠨ᠂ 2023 ᠣᠨ ᠤ ᠬᠤᠶᠠᠳᠤᠭᠠᠷ ᠬᠤᠭᠤᠴᠠᠭᠠᠨ ᠤ U15 ᠳᠡᠯᠡᠬᠡᠢ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠵᠣᠨ ᠤ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠳᠤᠮᠳᠠᠳᠤ ᠤᠯᠤᠰ ᠤᠨ ᠲᠥᠯᠥᠭᠡᠯᠡᠭᠴᠢᠳ ᠤᠨ ᠪᠦᠯᠬᠦᠮ ᠤᠨ ᠲᠠᠮᠢᠷᠴᠢᠨ ᠢ ᠰᠤᠩᠭᠤᠨ ᠰᠢᠯᠭᠠᠷᠠᠭᠤᠯᠤᠨ᠎ᠡ᠃

ᠢᠷᠡᠯᠳᠡ : 

 ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ