3 ᠰᠠᠷ᠎ᠠ ᠶᠢᠨ 19 ᠤ ᠡᠳᠦᠷ ᠠᠴᠠ 24 ᠤ ᠡᠳᠦᠷ ᠪᠣᠯᠲᠠᠯ᠎ᠠ᠂ 2023 ᠣᠨ ᠤ ᠪᠥᠬᠦ ᠤᠯᠤᠰ ᠤᠨ ᠬᠠᠪᠤᠷ ᠤᠨ ᠤᠯᠠᠷᠢᠯ ᠤᠨ ᠤᠮᠪᠠᠯᠲᠠ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠱᠠᠨᠳᠦ᠋ᠩ ᠮᠤᠵᠢ ᠶᠢᠨ ᠴᠢᠩᠳᠣᠣ ᠬᠤᠲᠠ ᠳᠤ ᠶᠠᠪᠤᠭᠳᠠᠪᠠ᠃ ᠮᠠᠨ ᠤ ᠣᠷᠣᠨ ᠤ ᠲᠠᠮᠢᠷᠴᠢᠨ ᠨᠢᠦ ᠭᠤᠸᠠᠩ ᠱᠧᠩ ᠡᠷᠡᠭᠲᠡᠢ ᠶᠢᠨ 200 ᠮᠧᠲᠷ ᠤᠨ ᠡᠷᠪᠡᠬᠡᠢ ᠤᠮᠪᠠᠯᠲᠠ ᠶᠢᠨ ᠤᠷᠤᠯᠳᠤᠭᠠᠨ ᠳᠤ 1᠄55.05 ᠶᠢᠨ ᠬᠢᠷᠢ ᠪᠦᠲᠦᠮᠵᠢ ᠪᠠᠷ ᠳᠡᠳ᠋ᠯᠡᠵᠦ᠂ ᠬᠤᠪᠢ ᠬᠥᠮᠥᠨ ᠤ ᠬᠠᠮᠤᠭ ᠤᠨ ᠰᠠᠶᠢᠨ ᠬᠢᠷᠢ ᠪᠦᠲᠦᠮᠵᠢ ᠶᠢ ᠡᠭᠦᠳᠦᠭᠰᠡᠨ ᠪᠥᠭᠡᠳ ᠣᠯᠢᠮᠫᠢᠺ ᠤᠨ ᠲᠠᠮᠢᠷ ᠤᠨ ᠴᠤᠭᠯᠠᠭᠠᠨ ᠤ A ᠪᠠᠷᠢᠮᠵᠢᠶ᠎ᠠ ᠳᠤ ᠬᠦᠷᠴᠦ᠂ ᠫᠠᠷᠢᠰ ᠤᠨ ᠣᠯᠢᠮᠫᠢᠺ ᠤᠨ ᠲᠠᠮᠢᠷ ᠤᠨ ᠴᠤᠭᠯᠠᠭᠠᠨ ᠳᠤ ᠣᠷᠤᠯᠴᠠᠬᠤ ᠬᠢᠷᠢ ᠬᠡᠮ ᠢ ᠣᠯᠵᠠᠢ᠃
ᠲᠤᠰ ᠤᠳᠠᠭ᠎ᠠ ᠶᠢᠨ ᠤᠷᠤᠯᠳᠤᠭᠠᠨ 6 ᠡᠳᠦᠷ ᠶᠠᠪᠤᠭᠳᠠᠵᠤ᠂ ᠮᠠᠨ ᠤ ᠣᠷᠣᠨ 14 ᠲᠠᠮᠢᠷᠴᠢᠨ ᠲᠣᠮᠢᠯᠠᠨ 22 ᠪᠠᠭ᠎ᠠ ᠲᠦᠷᠦᠯ ᠤᠨ ᠤᠷᠤᠯᠳᠤᠭᠠᠨ ᠳᠤ ᠣᠷᠣᠯᠴᠠᠭᠤᠯᠵᠤ᠂ ᠨᠡᠶᠢᠳᠡ 6 ᠬᠥᠮᠥᠨ ᠪᠠᠷᠢᠮᠵᠢᠶ᠎ᠠ ᠳᠤ ᠬᠦᠷᠴᠦ ᠲᠡᠷᠢᠭᠦᠨ ᠰᠢᠯᠭᠠᠷᠠᠭᠤᠯᠬᠤ ᠤᠷᠤᠯᠳᠤᠭᠠᠨ ᠤ ᠬᠢᠷᠢ ᠬᠡᠮ ᠢ ᠣᠯᠪᠠ᠂ ᠪᠠᠰᠠ ᠦᠬᠠᠢ ᠶᠢᠨ ᠪᠢᠴᠢᠬᠠᠨ ᠲᠠᠮᠢᠷᠴᠢᠨ ᠺᠦᠩ ᠴᠦᠨ ᠾᠦᠢ ᠥᠪᠥᠷ ᠮᠣᠩᠭᠤᠯ ᠤᠨ ᠡᠮᠡᠭᠲᠡᠢ ᠶᠢᠨ ᠤᠮᠪᠠᠯᠲᠠ ᠶᠢᠨ ᠲᠦᠷᠦᠯ ᠵᠦᠢᠯ ᠤᠨ ᠠᠩᠬᠠᠳᠠᠭᠴᠢ ᠪᠠᠷᠢᠮᠵᠢᠶ᠎ᠠ ᠳᠤ ᠬᠦᠷᠴᠦ ᠲᠡᠷᠢᠭᠦᠨ ᠰᠢᠯᠭᠠᠷᠠᠭᠤᠯᠬᠤ ᠤᠷᠤᠯᠳᠤᠭᠠᠨ ᠤ ᠬᠢᠷᠢ ᠬᠡᠮ ᠢ ᠣᠯᠣᠭᠰᠠᠨ ᠡᠮᠡᠭᠲᠡᠢ ᠲᠠᠮᠢᠷᠴᠢᠨ ᠪᠤᠯᠪᠠ᠃
ᠢᠷᠡᠯᠳᠡ :
ᠲᠤᠰ ᠰᠦᠯᠵᠢᠶ᠎ᠡ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ