1. ᠠᠩᠬᠠᠷᠤᠯ ᠲᠠᠢ ᠬᠠᠨᠳᠣᠨ᠎ᠠ᠃ ᠬᠢᠬᠦ ᠭᠡᠵᠦ ᠪᠠᠶᠢᠭ᠎ᠠ ᠶᠠᠪᠤᠳᠠᠯ ᠳᠡᠩᠳᠡᠭᠦᠦ ᠠᠷᠪᠢᠨ᠂  ᠠᠯᠢ  ᠠᠯᠢᠨ  ᠳᠤᠨᠢ  ᠴᠦ‌‍ ᠰᠠᠨᠠᠭ᠎ᠠ ᠳᠠᠯᠪᠢᠵᠦ ᠴᠢᠳᠠᠬᠤ ᠦᠬᠡᠢ ᠪᠣᠯᠬᠤᠷ ᠭᠡᠷᠡᠭᠳᠡᠢ ᠶᠠᠭᠤᠮ᠎ᠠ ᠪᠠᠨ ᠠᠯᠳᠠᠬᠤ ᠬᠡᠳ ᠪᠠᠶᠢᠳᠠᠭ ᠶᠤᠮ᠃ ᠡᠶᠢᠮᠦ  ᠠᠴᠠ  ᠨᠢᠭᠡ‌ ᠯᠡ ᠶᠠᠪᠤᠳᠠᠯ ᠢ ᠰᠠᠨᠠᠭ᠎ᠠ ᠲᠠᠯᠪᠢᠨ ᠬᠢᠬᠦ ᠭᠡᠷᠡᠭᠳᠡᠢ᠃ ᠪᠤᠰᠤᠳ ᠢ ᠨᠢ ᠶᠠᠪᠤᠭᠠᠨ ᠳᠠᠭᠠᠨ ᠪᠤᠯ᠃        

2. ᠴᠠᠭ ᠲᠤᠬᠠᠢ ᠳᠤᠨᠢ ᠠᠵᠢᠯᠯᠠᠭ᠎ᠠ ᠠᠪᠬᠤ᠃ ᠳᠣᠳᠠᠭᠤ ᠶᠠᠷᠢᠵᠦ ᠢᠯᠡᠬᠦᠦ  ᠬᠦᠳᠡᠯ᠃  ᠬᠦᠳᠡᠯᠵᠦ  ᠯᠠ  ᠪᠠᠶᠢᠪᠠᠯ‌‍ ᠬᠦ᠋ᠯᠦᠰᠦ ᠨᠢ ᠢᠷᠡᠳᠡᠭ ᠶᠤᠮ᠃        

3. ᠠᠮᠢᠳᠣᠷᠠᠯ ᠢᠶᠠᠨ ᠳᠦᠬᠦᠮᠴᠢᠯᠡ᠃ ᠠᠮᠢᠳᠤᠷᠠᠯ ᠳᠤᠮᠳᠠ ᠠᠴᠠ ᠵᠠᠷᠢᠮ ᠨᠢᠬᠡ ᠴᠢᠬᠤᠯᠠ ᠪᠢᠰᠢ ᠵᠤᠶᠢᠯ ᠢ ᠬᠠᠶᠠᠵᠦ‌‍ ᠰᠣᠷ᠃ ᠡᠮᠦᠰᠬᠦ ᠠᠴᠠ ᠦᠩᠭᠡᠷᠡᠭᠰᠡᠨ ᠬᠤᠪᠴᠠᠰᠤ ᠬᠤᠨᠠᠷ᠂ ᠳᠡᠮᠡᠢ ᠵᠠᠷᠣᠳᠠᠭ ᠦᠬᠡᠢ ᠵᠢᠵᠢᠭ ᠰᠠᠵᠢᠭ ᠶᠠᠭᠤᠮ᠎ᠠ ᠪᠠᠨ ᠵᠦᠭᠡᠷ ᠯᠠ‌ ᠬᠠᠶᠠᠭᠠᠳ ᠬᠤᠷᠤᠭᠤ ᠪᠠᠨ ᠬᠦᠩᠭᠡᠯᠡᠵᠦ ᠰᠡᠳᠬᠢᠯ ᠢᠶᠠᠨ ᠴᠢᠯᠦᠬᠡᠯᠡ᠃       

4. ᠭᠡᠷᠡᠭ ᠶᠠᠪᠤᠳᠠᠯ ᠳᠤ ᠪᠡᠶ᠎ᠡ ᠪᠠᠨ ᠪᠠᠷᠢᠵᠦ ᠰᠣᠷ᠃ ᠤᠴᠢᠷ ᠶᠠᠪᠤᠳᠠᠯ ᠳᠤ ᠠᠮᠠᠷᠬᠠᠨ ᠰᠡᠳᠬᠢᠯ ᠬᠥᠳᠡᠯᠵᠦ᠂ ᠪᠠᠭ᠎ᠠ‌ ᠤᠴᠢᠷ ᠠᠴᠠ ᠪᠡᠶ᠎ᠡ ᠰᠡᠳᠬᠢᠯ ᠢᠶᠠᠨ ᠶᠠᠳᠠᠷᠠᠭᠠᠬᠤ ᠶᠢᠨ ᠬᠡᠷᠡᠭ ᠶᠡᠷᠦ ᠠᠴᠠ ᠠᠯᠠᠭ᠎ᠠ᠃ ᠦᠭᠡᠳᠡᠷᠬᠡᠭ ᠰᠠᠶᠢᠨ ᠰᠠᠶᠢᠬᠠᠨ ᠳᠠᠯ᠎ᠠ‌ᠣᠷᠣᠭᠤ ᠨᠢ ᠢᠯᠡᠬᠦᠦ ᠬᠠᠷᠠᠵᠦ᠂ ᠰᠠᠨᠠᠭ᠎ᠠ ᠰᠡᠳᠬᠢᠯ ᠢᠶᠠᠨ ᠳᠠᠶᠢᠪᠤᠩ ᠪᠠᠶᠢᠯᠭᠠᠬᠤ ᠶᠢ ᠪᠤᠳᠤ᠃  

5. ᠠᠮᠢᠳᠤᠷᠠᠯ ᠢᠶᠠᠨ ᠲᠢᠭᠯᠢᠮ ᠲᠠᠢ ᠪᠠᠶᠢᠯᠭ᠎ᠠ᠃ ᠨᠢᠭᠡ ᠬᠥᠮᠥᠨ ᠬᠡᠵᠢᠶᠡᠳᠡ  ᠠᠯᠠᠩ  ᠰᠠᠯᠠᠩ  ᠪᠠᠶᠢᠭᠠᠳ  ᠪᠠᠶᠢᠪᠠᠯ᠂ᠠᠮᠢᠳᠣᠷᠠᠯ ᠴᠢᠨᠢ ᠠᠶᠠᠨᠳᠠᠭᠠᠨ ᠵᠠᠮᠪᠠᠷᠠᠭ᠎ᠠ  ᠦᠬᠡᠢ  ᠪᠣᠯᠣᠨ᠎ᠠ᠃  ᠠᠵᠢᠯᠯᠠᠵᠤ  ᠠᠮᠠᠷᠠᠬᠤ᠂  ᠢᠳᠡᠵᠦ  ᠤᠤᠭᠤᠬᠤ᠂  ᠬᠦᠳᠡᠯᠵᠦ‌‍ ᠪᠠᠷᠢᠬᠤ ᠪᠠᠨ ᠲᠣᠬᠢᠷᠠᠭᠤᠯᠵᠤ᠂ ᠡᠮᠬᠢ ᠳᠢᠭᠯᠢᠮ ᠲᠠᠢ ᠠᠮᠢᠳᠣᠷᠠᠬᠤ ᠶᠤᠰᠤᠳᠠᠢ᠃ 

6. ᠰᠠᠨᠠᠭ᠎ᠠ ᠰᠡᠳᠬᠢᠯ ᠢᠶᠠᠨ ᠳᠠᠶᠢᠪᠤᠩ  ᠪᠠᠶᠢᠯᠭ᠎ᠠ᠃  ᠰᠠᠨᠠᠭ᠎ᠠ  ᠳᠠᠶᠢᠪᠤᠩ  ᠪᠤᠯ  ᠬᠤᠯᠠ ᠶᠢ  ᠬᠠᠷᠠᠵᠦ᠂  ᠶᠡᠭᠡ ᠵᠢ‌‍ ᠰᠡᠳᠬᠢᠨ᠂ ᠠᠮᠢᠳᠣᠷᠠᠯ ᠦᠬᠡᠳᠡ ᠪᠠᠨ ᠦᠢᠯᠡᠰ ᠢᠷᠡᠬᠡᠳᠦᠢ ᠲᠠᠢ ᠪᠤᠯᠳᠠᠭ ᠶᠤᠮ᠃

ᠢᠷᠡᠯᠳᠡ : 

ᠠᠷᠠᠳ ᠶᠢᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ