1.ᠤᠷᠭᠠᠨᠢᠭ ᠪᠤᠰᠤ ᠲᠠᠪᠤᠰᠤ ᠪᠠ ᠸᠢᠲ᠋ᠠᠮᠢᠨ ᠤ ᠬᠠᠩᠭ᠋ᠠᠯᠲᠠ ᠶᠢ ᠪᠠᠲᠤᠯᠠᠨ᠎ᠠ

 ᠬᠠᠪᠤᠷ ᠤᠨ ᠤᠯᠠᠷᠢᠯ ᠳ᠋ᠤ ᠸᠢᠲ᠋ᠠᠮᠢᠨCᠠᠭᠤᠯᠤᠭᠰᠠᠨ ᠰᠢᠨ᠎ᠡ ᠰᠤᠷᠭᠤᠭ ᠨᠤᠭᠤᠭ᠎ᠠ ᠵᠢᠮᠢᠰ ᠢᠳᠡᠬᠦ ᠨᠢ ᠬᠦᠮᠦᠨ ᠤ ᠪᠠᠶ᠎ᠠ ᠶᠢᠨ ᠸᠢᠷᠦ᠋ᠰ ᠢ ᠡᠰᠡᠷᠭᠦᠴᠡᠬᠦ ᠳ᠋ᠤ ᠲᠤᠰᠠᠯᠠᠨ᠎ᠠ᠃ ᠡᠨᠡ ᠲᠦᠷᠦᠯ ᠤᠨ ᠨᠤᠭᠤᠭ᠎ᠠ ᠵᠢᠮᠢᠰ ᠭᠡᠪᠡᠯ ᠴᠠᠭᠠᠨ ᠨᠤᠭᠤᠭ᠎ᠠ᠂ ᠲᠦᠪᠡᠳ ᠬᠠᠰᠢ᠂ ᠰᠢᠯᠢᠮᠲᠡᠭ ᠨᠤᠭᠤᠭ᠎ᠠ᠂ ᠨᠢᠮᠪᠡᠭᠡ᠂ ᠠᠯᠮᠤᠷᠠᠳ ᠵᠡᠷᠭᠡ᠃

 ᠸᠢᠲ᠋ᠠᠮᠢᠨAᠠᠭᠤᠯᠤᠭᠰᠠᠨ ᠨᠤᠭᠤᠭ᠎ᠠ ᠵᠢᠮᠢᠰ ᠢ ᠢᠲᠡᠬᠦ ᠨᠢ ᠠᠮᠢᠰᠬᠤᠯ ᠤᠨ ᠵᠠᠮ ᠤᠨ ᠰᠠᠯᠢᠰᠤᠲᠤ ᠪᠦᠷᠬᠦᠪᠴᠢ ᠶᠢ ᠬᠠᠮᠠᠭᠠᠯᠠᠵᠤ᠂ ᠠᠮᠢᠰᠬᠤᠯ ᠤᠨ ᠡᠷᠬᠡᠲᠡᠨ ᠤ ᠡᠰ ᠤᠨ ᠴᠢᠲᠠᠪᠬᠢ ᠶᠢ ᠲᠡᠭᠡᠭ᠍ᠰᠢᠯᠡᠭᠦᠯᠬᠦ ᠦᠢᠯᠡᠳᠦᠯ ᠲᠠᠢ᠃ ᠡᠨᠡ ᠲᠦᠷᠦᠯ ᠤᠨ ᠨᠤᠭᠤᠭ᠎ᠠ ᠵᠢᠮᠢᠰ ᠨᠢ ᠤᠯᠠᠭᠠᠨ ᠰᠡᠷᠪᠡᠯᠵᠢ᠃

 ᠸᠢᠲ᠋ᠠᠮᠢᠨEᠠᠭᠤᠯᠤᠭᠰᠠᠨ ᠨᠤᠭᠤᠭ᠎ᠠ ᠵᠢᠮᠢᠰ ᠢᠲᠡᠬᠦ ᠨᠢ ᠬᠦᠮᠦᠨ ᠤ ᠪᠠᠶ᠎ᠠ ᠶᠢᠨ ᠴᠠᠷᠤᠯᠲᠠ ᠶᠢᠨ ᠴᠢᠲᠠᠪᠤᠷᠢ ᠶᠢ ᠲᠡᠭᠡᠭ᠍ᠰᠢᠯᠡᠭᠦᠯᠵᠦ᠂ ᠡᠪᠡᠳᠴᠢᠨ ᠠᠷᠬᠠᠬ ᠡᠴᠡ ᠰᠡᠷᠭᠡᠢᠢᠯᠡᠨ᠎ᠡ᠃ ᠮᠠᠭᠠᠵᠢ᠂ ᠴᠡᠴᠡᠭᠲᠦ ᠴᠠᠭᠠᠨ ᠨᠤᠭᠤᠭ᠎ᠠ ᠵᠡᠷᠭᠡ᠃

 2. ᠮᠢᠬ᠎ᠠ ᠲᠤᠰᠤ ᠪᠠᠭ᠎ᠠ᠂ ᠰᠢᠩᠭᠡᠨ ᠢᠲᠡᠭᠡᠨ ᠤᠮᠲᠠᠭᠠᠨ ᠢ ᠰᠤᠩᠭ᠋ᠤᠨ ᠡᠳ᠋ᠯᠡᠨ᠎᠎ᠡ

 ᠬᠠᠪᠤᠷ ᠤᠨ ᠤᠯᠠᠷᠢᠯ ᠳ᠋ᠤ ᠡᠯᠢᠭᠡᠨ ᠤ ᠬᠠᠯᠠᠭᠤᠨ ᠢ ᠬᠦᠭᠡᠭᠡᠬᠦ ᠳ᠋ᠤ ᠲᠤᠬᠢᠷᠠᠨ᠎ᠠ᠃ ᠬᠦᠮᠦᠰ ᠡᠪᠦᠯ ᠤᠨ ᠤᠯᠠᠷᠢᠯ ᠳ᠋ᠤ ᠬᠦᠲᠡᠯᠭᠡᠭᠡᠨ ᠪᠠᠭᠠᠰᠴᠤ᠂ ᠰᠢᠮ᠎ᠡ ᠲᠡᠵᠢᠭᠡᠯ ᠨᠦᠬᠦᠪᠦᠷᠢᠯᠡᠬᠦ ᠪᠡᠷ ᠭᠤᠤᠯᠲᠠᠲᠠᠭ᠃ ᠡᠢᠢᠮᠦ ᠡᠴᠡ ᠬᠠᠪᠤᠷ ᠤᠨ ᠤᠯᠠᠷᠢᠯ ᠳ᠋ᠤ ᠡᠯᠢᠭᠡᠨ ᠤ ᠬᠠᠯᠠᠭᠤᠨ ᠢ ᠬᠦᠭᠡᠭᠡᠵᠦ᠂ ᠡᠯᠢᠭᠡ ᠪᠠᠨ ᠬᠠᠮᠠᠭᠠᠯᠠᠬᠤ ᠢ ᠤᠨᠴᠠᠯᠠᠨ ᠠᠩᠬᠠᠷᠪᠠᠯ ᠵᠤᠬᠢᠨ᠎ᠠ᠃ ᠡᠯᠢᠭᠡᠨ ᠤ ᠬᠠᠯᠠᠭᠤᠨ ᠡᠴᠡ ᠪᠤᠯᠵᠤ ᠲᠡᠯᠢᠭᠦᠦ ᠶᠢ ᠨᠦᠯᠦᠭᠡᠯᠡᠵᠦ᠂ ᠬᠤᠲᠤᠭᠤᠲᠤ ᠲᠡᠯᠢᠭᠦᠦ ᠮᠠᠭᠤᠲᠠᠵᠤ ᠮᠡᠳᠡᠬᠦ ᠡᠴᠡ ᠬᠠᠪᠤᠷ ᠤᠨ ᠤᠯᠠᠷᠢᠯ ᠳ᠋ᠤ ᠮᠢᠬ᠎ᠠ ᠲᠤᠰᠤ ᠪᠠᠭ᠎ᠠ᠂ ᠰᠢᠩᠭᠡᠨ ᠢᠲᠡᠭᠡᠨ ᠤᠮᠲᠠᠭᠠᠨ ᠢ ᠰᠤᠩᠭ᠋ᠤᠪᠠᠯ ᠵᠤᠬᠢᠨ᠎ᠠ᠃

 3.ᠡᠯᠢᠭᠡᠨ ᠤ ᠦᠷᠪᠢᠰᠦᠯ ᠲᠠᠢ ᠬᠦᠮᠦᠨ ᠤ ᠢᠲᠡᠵᠦ ᠪᠤᠯᠬᠤ ᠦᠭᠡᠢ ᠢᠲᠡᠭᠡᠨ ᠤᠮᠲᠠᠭᠠᠨ

 ᠦᠨᠲᠡᠭᠡᠨ ᠤ ᠰᠢᠷ᠎ᠠ ᠨᠢ ᠡᠯᠢᠭᠡᠨ ᠤ ᠦᠷᠪᠢᠰᠦᠯ ᠲᠠᠢ ᠡᠪᠡᠳᠴᠢᠲᠠᠨ ᠤ ᠡᠯᠢᠭᠡ ᠴᠤᠯᠤ ᠳ᠋ᠤ ᠲᠠᠷᠤᠯᠲᠠ ᠪᠤᠯᠲᠠᠭ᠃ ᠦᠨᠲᠡᠭᠡᠨ ᠤ ᠰᠢᠷ᠎ᠠ ᠳ᠋ᠤ ᠶᠡᠬᠡ ᠬᠡᠮᠵᠢᠶᠠᠨ ᠤ ᠰᠦᠰᠦᠨ ᠤ ᠭᠤᠨᠠᠨ ᠠᠯᠺᠤᠤᠯ ᠠᠭᠤᠯᠤᠭᠲᠠᠲᠠᠭ᠃ ᠡᠲᠡᠭᠡᠷ ᠪᠤᠲᠠᠰ ᠨᠢ ᠡᠯᠢᠭ ᠪᠡᠷ  ᠲᠠᠮᠵᠢᠨ ᠰᠢᠨ᠎ᠡ ᠬᠠᠭᠤᠴᠢᠨ ᠰᠤᠯᠢᠯᠴᠠᠭ᠎ᠠ ᠭᠠᠷᠬᠤ ᠶᠢᠨ ᠤᠯᠠᠮ ᠶᠢᠡᠷ ᠡᠯᠢᠭᠡ ᠴᠤᠯᠤ ᠶᠢᠨ ᠡᠷᠡᠭᠦᠯᠵᠢᠬᠦ ᠶᠢ ᠬᠠᠷᠰᠢᠯᠠᠲᠠᠭ᠃

 4. ᠲᠠᠰᠢᠭᠤᠨ ᠢ ᠨᠡᠮᠡᠭᠲᠡᠬᠦᠯᠵᠦ᠂ ᠭᠠᠰᠢᠭᠤᠨ ᠢ ᠪᠠᠭᠠᠰᠬᠠᠨ᠎ᠠ

 ᠬᠠᠪᠤᠷ ᠤᠨ ᠤᠯᠠᠷᠢᠯ ᠳ᠋ᠤ ᠡᠯᠢᠭᠡᠨ ᠤ ᠱᠦᠭᠦᠷᠡᠬᠦᠯᠬᠦ ᠴᠢᠲᠠᠪᠬᠢ ᠬᠠᠮᠤᠭ ᠤᠨ ᠦᠷᠨᠢᠭᠦᠨ ᠪᠠᠢᠢᠲᠠᠭ ᠪᠤᠯᠬᠤᠷ ᠡᠯᠢᠭᠡᠨ ᠤ ᠬᠡᠢ ᠲᠠᠷᠤᠬᠤ ᠢᠲᠡᠭᠡᠨ ᠢᠲᠡᠪᠡᠯ ᠵᠤᠬᠢᠨ᠎ᠠ᠃ ᠵᠢᠱᠢᠶᠡᠯᠡᠪᠡᠯ ᠬᠦᠴᠢᠯᠯᠢᠭ᠌ ᠢᠲᠡᠭᠡᠨ  ᠢᠲᠡᠪᠡᠯ ᠡᠯᠢᠬᠡᠨ ᠤ ᠬᠡᠢ ᠶᠢ ᠲᠠᠷᠤᠬᠤ ᠳ᠋ᠤ ᠰᠠᠢᠢᠨ ᠦᠢᠯᠡᠳᠦᠯ ᠲᠠᠢ᠃ ᠡᠯᠢᠭᠡᠨ ᠤ ᠲᠠᠮᠢᠷ ᠲᠤᠷᠤᠢ ᠬᠦᠮᠦᠨ ᠪᠤᠯ ᠬᠦᠴᠢᠯᠯᠢᠭ᠌ ᠢᠲᠡᠭᠡᠨ ᠪᠠᠭ᠎ᠠ ᠢᠲᠡᠪᠡᠯ᠂ ᠡᠯᠢᠭᠡᠨ ᠤ ᠬᠡᠢ ᠶᠢ ᠰᠡᠷᠭᠡᠢᠢᠯᠡᠵᠦ ᠴᠢᠲᠠᠨ᠎ᠠ᠃

  ᠬᠠᠪᠤᠷ ᠤᠨ ᠤᠯᠠᠷᠢᠯ ᠳ᠋ᠤ᠂ ᠤᠯᠠᠭᠠᠨ ᠴᠢᠪᠠᠭ᠎ᠠ ᠢᠲᠡᠬᠦ ᠨᠢ ᠲᠡᠯᠢᠭᠦᠦ ᠬᠤᠲᠤᠭᠤᠨ ᠳ᠋ᠤ ᠰᠠᠢᠢᠨ ᠶᠢᠡᠷ ᠪᠠᠷᠠᠬᠤ ᠦᠭᠡᠢ ᠪᠢᠯᠢᠭ᠌ ᠢ ᠲᠡᠵᠢᠭᠡᠵᠦ ᠴᠢᠰᠤ ᠨᠦᠬᠦᠪᠦᠷᠢᠯᠡᠬᠦ ᠦᠢᠯᠡᠳᠦᠯ ᠲᠠᠢ ᠪᠠᠢᠢᠲᠠᠬ᠃ ᠡᠭᠦᠨ ᠡᠴᠡ ᠭᠠᠲᠠᠨ᠎ᠠ᠂ ᠨᠠᠩᠬᠢ ᠴᠠᠭᠠᠨ ᠢ ᠢᠲᠡᠪᠡᠯ ᠲᠡᠯᠢᠭᠦᠦ ᠶᠢ ᠰᠠᠢᠢᠵᠢᠷᠠᠭᠤᠯᠵᠤ᠂ ᠪᠦᠭᠡᠷ᠎ᠡ ᠶᠢ ᠲᠦᠯᠵᠢᠬᠦᠯᠬᠦ ᠦᠢᠯᠡᠳᠦᠯ ᠲᠠᠢ᠃

 5.ᠰᠢᠩᠭᠡᠨ ᠪᠤᠲᠠᠭ᠎ᠠ ᠤᠤᠭᠤᠨ᠎ᠠ

 ᠦᠲᠡ᠂ ᠤᠷᠤᠢ ᠶᠢᠨ ᠬᠤᠭᠤᠯᠠᠨ ᠳ᠋ᠠᠭᠠᠨ ᠰᠢᠩᠭᠡᠨ ᠪᠤᠲᠠᠭ᠎ᠠ ᠤᠤᠭᠤᠬᠤ ᠨᠢ ᠬᠡᠢ ᠶᠢ ᠲᠡᠭ᠍ᠰᠢᠯᠠᠨ ᠴᠢᠰᠤ ᠨᠦᠬᠦᠪᠦᠷᠢᠯᠡᠵᠦ᠂ ᠲᠡᠯᠢᠭᠦᠦ ᠬᠤᠲᠤᠭᠤᠲᠤ ᠶᠢ ᠰᠠᠢᠢᠵᠢᠷᠠᠭᠤᠯᠲᠠᠭ᠃ ᠠᠵᠢᠯ ᠳ᠋ᠤ ᠭᠠᠷᠬᠤ ᠬᠦᠮᠦᠰ ᠡᠷᠲᠡ ᠶᠢᠨ ᠬᠤᠭᠤᠯᠠᠨ ᠳ᠋ᠠᠭᠠᠨ᠂ ᠰᠢᠩᠭᠡᠨ ᠪᠤᠲᠠᠭ᠎ᠠ ᠤᠤᠭᠤᠬᠤ ᠨᠢ ᠡᠷᠡᠬᠦᠯ ᠮᠡᠨᠳᠦ ᠶᠢ ᠪᠠᠲᠤᠯᠠᠬᠤ ᠡᠴᠡ ᠭᠠᠲᠠᠨ᠎ᠠ ᠴᠤᠭ ᠵᠤᠯᠢ ᠲᠠᠢ ᠪᠤᠯᠭᠠᠲᠠᠭ᠃

 6.ᠨᠤᠭᠤᠭ᠎ᠠ ᠴᠠᠭ᠎ᠠ ᠢᠯᠡᠭᠦᠭᠡᠨ ᠢᠲᠠᠪᠠᠯ ᠵᠤᠬᠢᠨ᠎ᠠ

 ᠬᠠᠪᠤᠷ ᠤᠨ ᠤᠯᠠᠷᠢᠯ ᠪᠤᠯ ᠠᠮᠠᠨ ᠬᠦᠨᠲᠠᠢ ᠶᠢᠨ ᠦᠷᠪᠢᠰᠦᠯ ᠪᠠ ᠠᠷᠠᠰᠤᠨ ᠤ ᠡᠪᠡᠳᠴᠢᠨ ᠡᠭᠦᠰᠬᠦ ᠴᠠᠭ ᠪᠤᠯᠤᠨ᠎ᠠ᠃ ᠡᠨᠡ ᠨᠢ ᠭᠤᠤᠯᠲᠠᠭᠤ ᠪᠢᠴᠢᠯ ᠡᠯᠸᠮᠸᠨ᠋ᠲ ᠭᠦᠢᠴᠡᠳ ᠪᠤᠰᠤ ᠡᠴᠡ ᠪᠤᠯᠵᠤ ᠰᠢᠨ᠎ᠡ ᠲᠡᠵᠢᠭᠡᠯ ᠲᠡᠩᠴᠡᠭᠦᠷᠢ ᠪᠠᠨ ᠠᠯᠲᠠᠭᠰᠠᠨ ᠡᠴᠨ ᠪᠤᠯᠤᠭᠰᠠᠨ ᠡᠪᠡᠳᠴᠢᠨ ᠶᠤᠮ᠃ ᠡᠢᠢᠮᠦ ᠡᠴᠡ ᠬᠠᠪᠤᠷ ᠤᠨ ᠤᠯᠠᠷᠢᠯ ᠳ᠋ᠤ ᠰᠢᠨ᠎ᠡ ᠰᠤᠷᠭᠤᠭ ᠨᠤᠭᠤᠭ᠎ᠠ ᠴᠠᠭ᠎ᠠ ᠢᠯᠡᠬᠦᠭᠡᠨ ᠢᠲᠡᠵᠦ᠂ ᠲᠤᠰᠤ ᠮᠢᠬ᠎ᠠ ᠪᠠᠭ᠎ᠠ ᠰᠢᠭ ᠢᠲᠡᠪᠡᠯ ᠵᠤᠬᠢᠨ᠎ᠠ᠃

 7. ᠵᠢᠮᠢᠰ ᠢᠯᠡᠬᠦᠬᠡᠨ ᠢᠲᠡᠪᠡᠯ ᠵᠤᠬᠢᠨ᠎ᠠ

 ᠵᠢᠮᠢᠰ ᠨᠢ ᠰᠢᠮ᠎ᠡ ᠲᠡᠵᠢᠭᠡᠯ ᠡᠯᠪᠡᠭ᠌ ᠠᠭᠤᠯᠤᠭᠲᠠᠲᠠᠭ ᠡᠴᠡ ᠴᠠᠷᠤᠯᠲᠠ ᠶᠢ ᠲᠡᠭᠡᠭ᠍ᠰᠢᠯᠡᠭᠦᠯᠲᠡᠭ᠃ ᠪᠠᠨᠠᠨᠠ᠂ ᠬᠦᠵᠡᠯᠵᠡᠭᠡᠨ᠎ᠡ᠂ ᠠᠯᠮᠤᠷᠠᠳ᠂ ᠢᠩᠲᠤᠤᠷ ᠵᠡᠷᠭᠡ ᠵᠢᠮᠢᠰ ᠢ ᠢᠲᠡᠪᠡᠯ ᠵᠤᠬᠢᠨ᠎ᠠ᠃


ᠢᠷᠡᠯᠳᠡ : 

ᠰᠢᠨᠬᠤᠸᠠ ᠨᠸᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ