ᠪᠤᠴᠠᠯᠤᠭᠰᠠᠨ ᠤᠰᠤᠨ ᠳᠤ ᠥᠷᠭᠡᠰᠦᠲᠦ ᠬᠡᠮᠬᠡ᠂ ᠨᠢᠮᠪᠡᠭᠡ ᠶᠢᠨ ᠬᠡᠳᠦᠨ ᠵᠦᠰᠦᠮ ᠬᠢᠨ᠎ᠡ᠂ ᠡᠨᠡ ᠪᠣᠯ ᠶᠠᠮᠠᠷ ᠴᠤ ᠨᠡᠮᠡᠯᠲᠡ ᠪᠦᠲᠦᠭᠡᠭ᠍ᠳᠡᠬᠦᠨ ᠡᠴᠡ ᠢᠯᠡᠭᠦᠦ ᠲᠠᠨ ᠳᠤ ᠲᠤᠰᠠ ᠪᠣᠯᠵᠤ ᠴᠢᠳᠠᠬᠤ ᠬᠠᠮᠤᠭ ᠤᠨ ᠡᠷᠡᠭᠦᠯ ᠬᠣᠭᠣᠯᠠᠨ ᠤ ᠨᠢᠭᠡ᠃ ᠪᠢᠳᠡ ᠡᠳᠦᠷ ᠲᠤᠲᠤᠮ ᠳᠤ ᠪᠠᠨ ᠥᠷᠭᠡᠰᠦᠲᠦ ᠬᠡᠮᠬᠡ ᠲᠡᠢ ᠤᠰᠤ ᠶᠢ ᠤᠤᠭᠤᠭᠰᠠᠨ ᠢᠶᠠᠷ ᠳᠠᠷᠠᠭᠠᠬᠢ ᠡᠷᠡᠰᠳᠡᠯ ᠡᠴᠡ ᠥᠪᠡᠷᠰᠡᠳ ᠢ ᠪᠡᠨ ᠬᠠᠮᠠᠭᠠᠯᠠᠵᠤ ᠴᠢᠳᠠᠨ᠎ᠠ᠃

 1.ᠥᠷᠭᠡᠰᠦᠲᠦ ᠬᠡᠮᠬᠡ ᠳᠤ ᠠᠭᠤᠯᠤᠭᠳᠠᠳᠠᠭ ᠨᠠᠲ᠋ᠷᠢ᠂ A᠂ C ᠸᠢᠲ᠋ᠠᠮᠢᠨ ᠨᠢ ᠶᠠᠰᠤᠨ ᠤ ᠰᠡᠶᠢᠷᠡᠭᠵᠢᠯᠳᠡ᠂ ᠪᠤᠯᠴᠢᠩ ᠤᠨ ᠰᠤᠯᠠᠷᠠᠯ ᠠᠴᠠ ᠬᠠᠮᠠᠭᠠᠯᠠᠨ᠎ᠠ᠃ ᠬᠦᠨᠳᠦ ᠳᠠᠰᠬᠠᠯ ᠬᠥᠳᠡᠯᠭᠡᠭᠡᠨ ᠶᠡᠬᠡ ᠬᠢᠭ᠍ᠰᠡᠨ ᠪᠣᠯ ᠥᠷᠭᠡᠰᠦᠳᠦ ᠬᠡᠮᠬᠡ ᠲᠡᠢ ᠤᠰᠤ ᠤᠤᠭᠤᠬᠤ ᠨᠢ ᠰᠠᠶᠢᠨ᠃ ᠪᠤᠯᠴᠢᠩ᠂ ᠦᠶ᠎ᠡ ᠮᠥᠴᠢ ᠳᠤ ᠣᠭᠴᠣᠮ ᠠᠴᠢᠶᠠᠯᠠᠯ ᠥᠭ᠍ᠭᠦᠭ᠍ᠰᠡᠨ ᠡᠴᠡ ᠬᠡᠮᠳᠦᠬᠦ ᠮᠠᠭᠠᠳᠯᠠᠯ ᠪᠤᠢ᠃ ᠲᠡᠭᠡᠪᠡᠯ ᠥᠷᠭᠡᠰᠦᠲᠦ ᠬᠡᠮᠬᠡ ᠲᠡᠢ ᠴᠡᠪᠡᠷ ᠤᠰᠤ ᠡᠨᠡ ᠠᠶᠤᠯ ᠠᠴᠠ ᠬᠠᠮᠠᠭᠠᠯᠠᠨ᠎ᠠ᠃ ᠲᠡᠭᠦᠨᠴᠢᠯᠡᠨ ᠲᠠᠨ ᠤ ᠪᠤᠯᠴᠢᠩ ᠢ ᠰᠠᠶᠢᠬᠠᠨ ᠬᠡᠯᠪᠡᠷᠢ ᠲᠡᠢ ᠪᠣᠯᠬᠤ ᠳᠤ ᠥᠷᠭᠡᠰᠦᠲᠦ ᠬᠡᠮᠬᠡ ᠳᠤ ᠠᠭᠤᠯᠤᠭᠳᠠᠬᠤ ᠨᠠᠲ᠋ᠷᠢ ᠲᠤᠰᠠ ᠪᠣᠯᠳᠠᠭ ᠪᠠᠶᠢᠨ᠎ᠠ᠃

 2.ᠣᠷᠴᠢᠨ ᠦᠶ᠎ᠡ ᠶᠢᠨ ᠬᠦᠮᠦᠰ ᠦᠨ ᠡᠳᠦᠷ ᠲᠤᠲᠤᠮ ᠤᠨ ᠬᠡᠷᠡᠭᠯᠡᠭᠡ ᠪᠣᠯᠬᠤ ᠲᠦᠷᠭᠡᠨ ᠬᠣᠭᠣᠯᠠ᠂ ᠰᠢᠬᠢᠷᠯᠢᠭ᠌ ᠪᠦᠲᠦᠭᠡᠭ᠍ᠳᠡᠬᠦᠨ᠂ ᠬᠢᠮᠢ ᠶᠢᠨ ᠠᠭᠤᠯᠤᠮᠵᠢ ᠲᠠᠢ ᠴᠡᠪᠡᠷᠯᠡᠬᠦ ᠪᠣᠳᠠᠰ ᠵᠡᠷᠭᠡ ᠨᠢ ᠡᠷᠡᠭᠦᠯ ᠮᠡᠨᠳᠦ ᠳᠤ ᠬᠣᠣᠷᠠᠲᠠᠢ ᠭᠡᠳᠡᠭ ᠢ ᠡᠷᠳᠡᠮᠲᠡᠳ ᠵᠠᠯᠬᠠᠲᠠᠯ᠎ᠠ ᠬᠡᠯᠡᠵᠦ ᠪᠤᠢ᠃ ᠭᠡᠪᠡᠴᠦ ᠵᠠᠪ ᠦᠭᠡᠢ ᠠᠮᠢᠳᠤᠷᠠᠯ ᠤᠨ ᠬᠡᠪ ᠮᠠᠶ᠊ᠢᠭ ᠲᠤ ᠪᠡᠨ ᠠᠭᠤᠰᠤᠭᠰᠠᠨ ᠬᠦᠮᠦᠰ ᠬᠡᠷᠡᠭᠯᠡᠭᠡ ᠪᠡᠨ ᠬᠢᠨᠠᠵᠤ ᠴᠢᠳᠠᠬᠤ ᠦᠭᠡᠢ ᠯᠠ ᠪᠠᠶᠢᠨ᠎ᠠ᠃ ᠲᠡᠭᠡᠪᠡᠯ ᠬᠡᠷᠡᠭᠯᠡᠭᠡᠨ ᠡᠴᠡ ᠪᠤᠯᠵᠤ ᠪᠡᠶ᠎ᠡ ᠳᠤ ᠬᠤᠷᠠᠮᠲᠤᠯᠠᠭᠳᠠᠬᠤ ᠬᠣᠣᠷ ᠢ ᠲᠠᠶᠢᠯᠬᠤ ᠳᠤ ᠥᠷᠭᠡᠰᠦᠲᠦ ᠬᠡᠮᠬᠡ ᠴᠢᠬᠤᠯᠠ ᠠᠴᠢ ᠬᠣᠯᠪᠣᠭᠳᠠᠯ ᠲᠠᠢ᠃ ᠥᠷᠭᠡᠰᠦᠲᠦ ᠬᠡᠮᠬᠡ ᠲᠡᠢ ᠤᠰᠤ ᠶᠢ ᠡᠳᠦᠷ ᠪᠦᠷᠢ ᠬᠣᠶᠠᠷ ᠯᠢᠲ᠋ᠷ ᠤᠤᠭᠤᠭᠰᠠᠨ ᠢᠶᠠᠷ ᠲᠠᠨ ᠤ ᠪᠡᠶ᠎ᠡ ᠳ᠋ᠠᠬᠢ ᠬᠡᠷᠡᠭ ᠦᠭᠡᠢ ᠵᠦᠢᠯᠡᠰ ᠭᠠᠳᠠᠭᠰᠢᠯᠠᠬᠤ ᠪᠣᠯᠤᠨ᠎ᠠ᠃

 3.ᠵᠢᠷᠦᠬᠡ ᠰᠤᠳᠠᠰᠤᠨ ᠤ ᠡᠪᠡᠳᠴᠢᠯᠡᠯ ᠪᠣᠯᠤᠨ ᠬᠠᠪᠤᠳᠠᠷ ᠠᠴᠠ ᠰᠡᠷᠭᠡᠶᠢᠯᠡᠬᠦ ᠳᠤ ᠥᠷᠭᠡᠰᠦᠲᠦ ᠬᠡᠮᠬᠡ ᠲᠡᠢ ᠤᠰᠤ ᠲᠠᠨ ᠳᠤ ᠲᠤᠰᠠᠯᠠᠨ᠎ᠠ᠃ ᠮᠡᠳᠡᠭᠡᠵᠢ ᠳ᠋ᠠᠩ ᠭᠠᠭᠴᠠ ᠥᠷᠭᠡᠰᠦᠲᠦ ᠬᠡᠮᠬᠡ ᠲᠡᠢ ᠤᠰᠤ ᠤᠤᠭᠤᠬᠤ ᠪᠢᠰᠢ᠂ ᠳᠠᠰᠬᠠᠯ ᠰᠤᠷᠭᠠᠭᠤᠯᠢᠯᠲᠠ ᠠᠴᠠ ᠡᠬᠢᠯᠡᠭᠡᠳ ᠡᠷᠡᠭᠦᠯ ᠠᠮᠢᠳᠤᠷᠠᠯ ᠤᠨ ᠪᠤᠰᠤᠳ ᠬᠡᠪ ᠮᠠᠶ᠊ᠢᠭ ᠢ ᠬᠡᠷᠡᠭᠵᠢᠭᠦᠯᠬᠦ ᠱᠠᠭᠠᠷᠳᠠᠯᠭ᠎ᠠ ᠭᠠᠷᠤᠨ᠎ᠠ᠃ ᠥᠷᠭᠡᠰᠦᠲᠦ ᠬᠡᠮᠬᠡᠨ ᠳᠤ ᠬᠦᠨᠡᠰᠦᠨ ᠦ ᠢᠰᠬᠦᠯᠡᠩ ᠶᠡᠬᠡ ᠪᠡᠷ ᠠᠭᠤᠯᠤᠭᠳᠠᠬᠤ ᠪᠥᠭᠡᠳ ᠡᠨᠡ ᠨᠢ ᠬᠠᠪᠤᠳᠠᠷ ᠪᠣᠯᠤᠭᠠᠳ ᠪᠤᠰᠤᠳ ᠡᠪᠡᠳᠴᠢᠨ ᠡᠴᠡ ᠰᠡᠷᠭᠡᠶᠢᠯᠡᠳᠡᠭ ᠪᠠᠶᠢᠨ᠎ᠠ᠃ ᠾᠣᠯᠧᠰᠲ᠋ᠷᠢᠨ᠂ ᠥᠭᠡᠬᠦ ᠲᠣᠰᠣ ᠵᠡᠷᠭᠡ ᠭᠡᠳᠡᠰᠦ ᠳᠣᠲᠣᠷᠠᠬᠢ ᠬᠣᠣᠷᠲᠤ ᠪᠣᠳᠠᠰ ᠢ ᠰᠢᠩᠭᠡᠭᠡᠵᠦ᠂ ᠪᠡᠶᠡᠰ ᠭᠠᠳᠠᠭᠰᠢᠯᠠᠭᠤᠯᠤᠨ᠎ᠠ᠃ ᠮᠥᠨ ᠬᠦᠮᠦᠨ ᠦ ᠪᠡᠶ᠎ᠡ ᠶᠢᠨ ᠳᠠᠷᠬᠠᠯᠠᠭ᠎ᠠ ᠶᠢ ᠰᠠᠶᠢᠵᠢᠷᠠᠭᠤᠯᠬᠤ ᠠᠴᠢ ᠲᠤᠰᠠ ᠲᠠᠢ ᠬᠡᠮᠡᠬᠦ ᠢᠨᠦ ᠪᠤᠢ᠃

 4.ᠥᠷᠭᠡᠰᠦᠲᠦ ᠬᠡᠮᠬᠡ ᠲᠡᠢ ᠤᠰᠤ ᠨᠢ ᠰᠢᠩᠭᠡᠨ ᠦ ᠳᠤᠲᠠᠭᠳᠠᠯ ᠠᠴᠠ ᠬᠠᠮᠠᠭᠠᠯᠠᠨ᠎ᠠ᠃ ᠬᠥᠯᠦᠰᠦ ᠶᠡᠬᠡ ᠭᠠᠳᠠᠭᠰᠢᠯᠠᠵᠤ ᠪᠤᠢ᠂ ᠡᠰᠡᠪᠡᠯ ᠰᠢᠩᠭᠡᠨ ᠦ ᠳᠤᠲᠠᠭᠳᠠᠯ ᠳᠤ ᠣᠷᠣᠭᠰᠠᠨ ᠦᠶ᠎ᠡ ᠳᠤ ᠥᠷᠭᠡᠰᠦᠲᠦ ᠬᠡᠮᠬᠡ ᠲᠡᠢ ᠤᠰᠤ ᠤᠤᠭᠤᠬᠤ ᠬᠡᠷᠡᠭᠲᠡᠢ᠃ ᠲᠡᠭᠦᠨᠴᠢᠯᠡᠨ ᠪᠡᠶ᠎ᠡ ᠶᠢᠨ ᠠᠷᠠᠰᠤ ᠬᠡᠲᠦ ᠬᠠᠭᠤᠷᠠᠶᠢᠰᠢᠬᠤ ᠦᠶ᠎ᠡ ᠳᠤ ᠴᠤ ᠥᠷᠭᠡᠰᠦᠲᠦ ᠬᠡᠮᠬᠡ ᠲᠡᠢ ᠤᠰᠤ ᠰᠠᠶᠢᠨ ᠨᠥᠯᠥᠭᠡ ᠲᠡᠢ᠃ ᠥᠷᠭᠡᠰᠦᠲᠦ ᠬᠡᠮᠬᠡ ᠨᠢ ᠤᠰᠤ ᠶᠢ ᠢᠯᠡᠭᠦᠦ ᠠᠮᠲᠠᠲᠠᠢ ᠪᠣᠯᠭᠠᠬᠤ ᠠᠴᠠ ᠭᠠᠳᠠᠨ᠎ᠠ ᠡᠷᠦᠳᠡᠰᠦ ᠪᠡᠷ ᠪᠠᠶᠠᠯᠢᠭ ᠪᠣᠯᠭᠠᠨ᠎ᠠ᠃

 5.ᠢᠯᠡᠭᠦᠳᠡᠯ ᠵᠢᠩ ᠲᠡᠢ ᠪᠡᠨ ᠲᠡᠮᠡᠴᠡᠬᠦ ᠭᠡᠵᠦ ᠪᠤᠢ ᠪᠣᠯ ᠥᠷᠭᠡᠰᠦᠲᠦ ᠬᠡᠮᠬᠡ ᠲᠡᠢ ᠤᠰᠤ ᠶᠢ ᠪᠠᠶᠢᠩᠭ᠋ᠤ ᠶᠢᠨ ᠬᠡᠷᠡᠭᠯᠡᠭᠡ ᠪᠡᠨ ᠪᠣᠯᠭᠠᠬᠤ ᠶᠢ ᠵᠥᠪᠯᠡᠵᠦ ᠪᠠᠶᠢᠨ᠎ᠠ᠃ ᠡᠨᠡ ᠨᠢ ᠬᠣᠭᠣᠯᠠᠨ ᠤ ᠳᠤᠷᠠᠰᠢᠯ ᠢ ᠪᠠᠭᠠᠰᠬᠠᠨ᠎ᠠ᠃ ᠬᠡᠷᠪᠡ ᠲᠠ ᠣᠶᠢᠷᠠᠬᠠᠨ ᠳᠠᠪᠲᠠᠮᠵᠢ ᠲᠠᠢ ᠥᠯᠦᠰᠳᠡᠭ ᠪᠣᠯ ᠥᠷᠭᠡᠰᠦᠲᠦ ᠬᠡᠮᠬᠡ ᠲᠡᠢ ᠤᠰᠤ ᠡᠨᠡ ᠮᠡᠳᠡᠷᠡᠮᠵᠢ ᠶᠢ ᠪᠠᠭᠠᠰᠬᠠᠨ᠎ᠠ᠃ ᠬᠡᠷᠪᠡ ᠥᠯᠥᠰᠬᠦ ᠵᠣᠪᠠᠯᠠᠩ ᠢ ᠮᠡᠳᠡᠷᠡᠯ ᠦᠭᠡᠢ ᠪᠡᠷ ᠺᠠᠯᠣᠷᠢ ᠪᠠᠨ ᠬᠠᠰᠤᠬᠤ ᠶᠢ ᠬᠦᠰᠡᠪᠡᠯ ᠥᠷᠭᠡᠰᠦᠲᠦ ᠬᠡᠮᠬᠡ ᠲᠡᠢ ᠤᠰᠤ ᠲᠠᠨ ᠳᠤ ᠲᠤᠰᠠᠯᠠᠨ᠎ᠠ᠃


ᠢᠷᠡᠯᠳᠡ : 

ᠮᠤᠩᠭᠤᠯ  ᠤᠯᠤᠰ ᠤᠨ gogo.mn ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ