ᠮᠡᠳᠡᠭᠡᠵᠢ ᠪᠠᠷ᠂ ᠤᠰᠤ ᠤᠤᠭᠤᠬᠤ ᠨᠢ ᠰᠢᠨ᠎ᠡ ᠲᠢᠲᠢᠮᠯᠢᠭ ᠸᠢᠷᠦ᠋ᠰ᠂  ᠬᠢᠮᠤᠷᠠᠭ᠎ᠠ  ᠲᠠᠬᠰᠢᠭᠤᠷ ᠵᠡᠷᠭᠡ ᠡᠪᠡᠳᠴᠢᠨ‌‍ ᠬᠢᠵᠢᠭ ᠢ ᠰᠡᠷᠭᠡᠶᠢᠯᠡᠨ ᠨᠠᠮᠳᠠᠭᠠᠬᠤ ᠦᠢᠯᠡᠳᠦᠯ ᠲᠠᠢ ᠪᠠᠶᠢᠳᠠᠭ᠂ ᠬᠡᠬᠦ ᠳᠡᠭᠡᠨ ᠤᠰᠤ ᠶᠢ ᠬᠡᠳᠦᠷᠡᠳᠡᠯ᠎ᠡ ᠤᠤᠭᠤᠪᠠᠯ ᠬᠠᠷᠢᠨ  ᠪᠠᠰᠠ‌ᠤᠰᠤᠨ ᠳᠤ ᠬᠤᠤᠷᠳᠠᠬᠳᠠᠵᠦ ᠮᠡᠳᠡᠨ᠎ᠡ᠃        

ᠡᠨᠡ ᠨᠢ ᠭᠤᠤᠯᠳᠠᠭᠤ ᠤᠰᠤ ᠨᠦᠬᠦᠪᠦᠷᠢᠯᠡᠬᠦ ᠬᠡᠮᠵᠢᠶ᠎ᠡ  ᠨᠢ  ᠤᠰᠤ  ᠢᠯᠭᠠᠷᠠᠭᠤᠯᠬᠤ  ᠬᠡᠮᠵᠢᠶᠡᠨ ᠠᠴᠠ ᠬᠡᠳᠦᠷᠡᠵᠦ᠂ ᠬᠦᠮᠦᠨ ᠤ ᠪᠡᠶ᠎ᠡ ᠶᠢᠨ ᠴᠢᠰᠤᠨ ᠤ ᠲᠤᠳᠤᠷᠠᠬᠢ ᠨᠠᠲᠷᠢ ᠶᠢᠨ ᠬᠡᠮᠵᠢᠶ᠎ᠡ ᠨᠢ ᠲᠤᠤᠷ᠎ᠠ ᠪᠤᠯᠳᠠᠭ᠂  ᠵᠠᠷᠢᠮ  ᠦᠶ᠎ᠡ ᠳᠤ  ᠵᠠᠭᠤᠷᠠᠬᠤ᠂ᠮᠡᠳᠡᠭᠡ ᠠᠯᠳᠠᠬᠤ ᠵᠡᠷᠭᠡ ᠦᠵᠡᠭᠳᠡᠯ ᠢᠯᠡᠷᠡᠵᠦ᠂ ᠴᠢᠨᠠᠬᠰᠢᠯᠠᠨ ᠠᠮᠢ ᠨᠠᠰᠤᠨ ᠳᠤ ᠠᠶᠤᠯ  ᠲᠤᠯᠭᠠᠷᠠᠭᠤᠯᠳᠠᠭ  ᠶᠤᠮ  ᠪᠠᠶᠢᠨ᠎ᠠ᠃ ᠡᠷᠡᠭᠳᠡᠶᠢᠴᠤᠳ ᠡᠳᠦᠷ ᠪᠤᠯᠭᠠᠨ 1700 ᠮᠢᠯᠢᠯᠢᠲᠷ᠂ ᠡᠮᠡᠭᠳᠡᠶᠢᠴᠤᠳ ᠡᠳᠦᠷ ᠪᠤᠯᠭᠠᠨ 1500 ᠮᠢᠯᠢᠯᠢᠲᠷ ᠤᠰᠤ ᠤᠤᠭᠤᠪᠠᠯ‌‍ ᠪᠤᠯᠴᠢᠬᠠᠨ᠎ᠠ᠃ ᠬᠡᠬᠦ ᠳᠡᠭᠡᠨ ᠪᠠᠭ᠎ᠠ ᠬᠡᠮᠵᠢᠶ᠎ᠡ ᠪᠠᠷ ᠤᠯᠠᠨ ᠤᠳᠠᠭ᠎ᠠ  ᠤᠤᠭᠤᠪᠠᠯ  ᠵᠤᠬᠢᠨ᠎ᠠ᠂  ᠪᠠᠰᠠ  ᠴᠠᠭ  ᠤᠯᠠᠷᠢᠯ᠂  ᠪᠡᠶ᠎ᠡ‌‍ ᠲ᠋ᠠᠮᠢᠷ ᠤᠨ ᠬᠦᠳᠡᠯᠭᠡᠭᠡᠨ ᠪᠠ ᠡᠪᠡᠳᠴᠢᠨ  ᠡᠮᠭᠡᠭ ᠤᠨ  ᠪᠠᠶᠢᠳᠠᠯ  ᠵᠡᠷᠭᠡ ᠶᠢ  ᠦᠨᠳᠦᠰᠦᠯᠡᠵᠦ  ᠪᠠᠶᠢᠭᠠᠳ  ᠤᠰᠤ  ᠤᠤᠭᠤᠬᠤ‌‍ ᠬᠡᠮᠵᠢᠶ᠎ᠡ ᠶᠢ ᠲᠤᠬᠢᠷᠠᠭᠤᠯᠵᠦ ᠪᠤᠯᠤᠨ᠎ᠠ ᠭᠡᠵᠦ ᠲᠤᠰᠬᠠᠢ ᠮᠡᠷᠭᠡᠵᠢᠯᠳᠡᠨ ᠰᠠᠨᠠᠭᠤᠯᠵᠦ ᠪᠠᠶᠢᠨ᠎ᠠ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ