ᠰᠢᠨᠵᠢᠯᠡᠬᠦ ᠤᠬᠠᠭᠠᠨ ᠤ ᠰᠤᠳᠤᠯᠭᠠᠨ ᠤ ᠢᠯᠡᠷᠡᠭᠦᠯᠦᠭᠰᠡᠨ ᠢᠶᠡᠷ᠂ ᠳᠡᠭᠡᠰᠦ ᠦᠰᠦᠷᠬᠦ ᠦᠶ᠎ᠡ ᠳᠦ᠂ ᠡᠪᠦᠳᠦᠭ ᠦᠨ ᠦᠶ᠎ᠡ  ᠳᠡᠭᠡᠰᠦ ᠦᠰᠦᠷᠦᠭᠴᠢ ᠶᠢᠨ  ᠪᠡᠶ᠎ᠡ ᠶᠢᠨ ᠬᠦᠨᠳᠦ ᠶᠢᠨ ᠬᠣᠶᠠᠷ ᠠᠴᠠ ᠭᠤᠷᠪᠠᠨ  ᠲᠠᠬᠢᠨ ᠬᠦᠨᠳᠦ ᠲᠠᠭᠠᠭᠠᠬᠤ ᠬᠡᠷᠡᠭᠳᠡᠢ ᠲᠤᠯᠠ ᠬᠡᠳᠦᠶ ᠥᠨᠳᠥᠷ ᠦᠰᠦᠷᠬᠦ ᠲᠤᠲᠤᠮ ᠡᠪᠦᠳᠦᠭ ᠦᠨ ᠦᠶ᠎ᠡ ᠶᠢᠨ ᠳᠠᠷᠤᠯᠲᠠ ᠲᠡᠳᠦᠶ ᠶᠡᠬᠡ ᠪᠣᠯᠤᠨ᠎ᠠ᠃ ᠥᠷᠥᠭᠡᠰᠦᠨ ᠬᠥᠯ ᠢᠶᠡᠷ ᠲᠡᠭᠡᠰᠦ ᠦᠰᠦᠷᠬᠦ ᠨᠢ ᠡᠪᠦᠳᠦᠭ ᠲᠦ ᠨᠡᠩ ᠶᠡᠬᠡ ᠲᠠᠷᠤᠯᠳᠠ ᠤᠯᠭᠤᠳᠠᠭ᠃ ᠵᠥᠪ ᠣᠨᠣᠪᠴᠢᠲᠠᠶ ᠳᠡᠭᠡᠰᠦ ᠦᠰᠦᠷᠬᠦ ᠨᠢ ᠪᠡᠶ᠎ᠡ ᠶᠢᠨ ᠡᠷᠡᠭᠦᠯ ᠴᠢᠭᠢᠷᠠᠭ ᠲᠤ ᠠᠰᠢᠭᠲᠠᠶ᠂ ᠭᠡᠪᠡᠴᠦ ᠳᠣᠣᠷᠠᠬᠢ 5 ᠵᠦᠢᠯ ᠦᠨ ᠦᠷᠭᠦᠯᠵᠢ ᠲᠣᠬᠢᠶᠠᠯᠳᠤᠳᠠᠭ ᠪᠤᠷᠤᠭᠤ ᠦᠰᠦᠷᠬᠦ ᠠᠷᠭ᠎ᠠ ᠨᠢ ᠡᠪᠦᠳᠦᠭ ᠦᠨ ᠦᠶ᠎ᠡ ᠶᠢ ᠭᠡᠮᠲᠦᠭᠡᠵᠦ ᠮᠡᠳᠡᠨ᠎ᠡ᠄

ᠪᠤᠷᠤᠭᠤ 1᠄ ᠬᠡᠲᠦ ᠥᠨᠳᠥᠷ ᠦᠰᠦᠷᠬᠦ

ᠬᠡᠲᠦ ᠥᠨᠳᠥᠷ ᠦᠰᠦᠷᠪᠡᠯ ᠂ ᠳᠣᠷᠣᠭᠰᠢ ᠪᠠᠭᠤᠬᠤ ᠵᠠᠶ ᠨᠢ ᠣᠷᠳᠣ ᠪᠣᠯᠤᠨ᠎ᠠ ᠃ ᠤᠷᠲᠤ ᠬᠤᠭᠤᠴᠠᠭ᠎ᠠ ᠦᠰᠦᠷᠪᠠᠯ ᠭᠠᠵᠠᠷ ᠪᠠᠭᠤᠬᠤ ᠠᠭᠱᠠᠨ ᠵᠠᠭᠤᠷ᠎ᠠ ᠶᠢᠨ ᠳᠠᠭᠠᠷᠢᠯᠲᠠ ᠶᠢᠨ ᠬᠦᠴᠦ ᠨᠢ ᠨᠡᠯᠢᠶᠡᠳ ᠶᠡᠬᠡ ᠡᠴᠡ ᠪᠣᠯᠵᠤ ᠱᠠᠭ᠎ᠠ ᠶᠢᠨ ᠦᠶ᠎ᠡ ᠶᠢ ᠭᠡᠮᠲᠦᠭᠡᠵᠦ ᠮᠡᠳᠡᠨ᠎ᠡ᠃ 

ᠪᠤᠷᠤᠭᠤ 2᠄ ᠬᠣᠶᠠᠷ ᠬᠥᠯ ᠦᠨ ᠬᠦᠴᠦ ᠲᠡᠭᠰᠢ ᠪᠤᠰᠤ

ᠡᠩ ᠦᠨ ᠪᠠᠶᠢᠳᠠᠯ ᠳᠣᠣᠷ᠎ᠠ᠂ ᠳᠡᠭᠡᠰᠦ ᠦᠰᠦᠷᠬᠦ ᠳᠦ ᠬᠣᠶᠠᠷ ᠬᠥᠯ ᠢᠶᠡᠨ ᠵᠢᠭᠳᠡ ᠬᠦᠴᠦᠯᠡᠨ᠎ᠡ᠂ ᠭᠡᠪᠡᠴᠦ ᠵᠠᠷᠢᠮ ᠬᠡᠯᠪᠡᠷᠢ ᠶᠢᠨ ᠳᠡᠭᠡᠰᠦ ᠦᠰᠦᠷᠬᠦ ᠳᠦ ᠬᠦᠴᠦ ᠬᠦᠯᠢᠶᠡᠬᠦ ᠨᠢ ᠲᠡᠭᠰᠢ ᠦᠭᠡᠢ ᠪᠠᠶᠢᠵᠤ ᠮᠡᠳᠡᠨ᠎ᠡ᠃ ᠠᠩᠬ᠎ᠠ ᠰᠤᠷᠴᠤ ᠪᠠᠶᠢᠭ᠎ᠠ ᠬᠥᠮᠦᠰ ᠬᠥᠯ ᠢᠶᠡᠨ ᠨᠡᠶᠢᠯᠡᠭᠦᠯᠦᠨ ᠦᠰᠦᠷᠬᠦ ᠶᠢ ᠰᠠᠨᠠᠭᠤᠯᠤᠶ᠎ᠠ᠂ ᠪᠣᠯᠪᠠᠰᠤᠷᠠᠩᠭᠤᠶ ᠪᠣᠯᠤᠭᠰᠠᠨ ᠤ ᠳᠠᠷᠠᠭ᠎ᠠ ᠰᠠᠶ᠋ᠢ ᠤᠷᠠᠨ ᠦᠰᠦᠷᠦᠯᠲᠡ ᠶᠢᠨ ᠠᠷᠭ᠎ᠠ ᠶᠢ ᠲᠤᠷᠰᠢᠵᠤ ᠦᠵᠡᠭᠡᠷᠡᠶ᠃

ᠪᠤᠷᠤᠭᠤ 3᠄ ᠬᠣᠶᠠᠷ ᠬᠥᠯ ᠢᠶᠡᠨ ᠬᠡᠲᠦ ᠠᠰᠬᠠᠨ ᠪᠣᠯᠭᠠᠬᠤ

ᠬᠣᠶᠠᠷ ᠬᠥᠯ ᠢᠶᠡᠨ ᠬᠡᠲᠦᠷᠬᠡᠶ ᠠᠰᠬᠠᠨ ᠰᠤᠩᠭᠠᠪᠠᠯ ᠮᠥᠨ ᠴᠦ ᠠᠮᠠᠷᠬᠠᠨ ᠭᠡᠮᠲᠦᠵᠦ ᠰᠢᠷᠬᠠᠲᠤᠨ᠎ᠠ᠃ ᠳᠡᠭᠡᠰᠦ ᠦᠰᠦᠷᠬᠦ ᠳᠡᠭᠡᠨ ᠡᠪᠦᠳᠦᠭ ᠦᠨ ᠦᠶ᠎ᠡ ᠶᠢᠨ ᠠᠶᠠᠨᠳᠠᠭᠠᠨ ᠮᠤᠷᠤᠶᠢᠬᠤ ᠶᠢ ᠪᠠᠲᠤᠯᠠᠬᠤ ᠬᠡᠷᠡᠭᠲᠡᠶ᠂ ᠵᠣᠷᠢᠭᠤᠳᠠ ᠠᠰᠬᠠᠨ ᠪᠣᠯᠭᠠᠭᠰᠠᠨ ᠤ ᠬᠡᠷᠡᠭ ᠦᠭᠡᠢ᠃

ᠪᠤᠷᠤᠭᠤ 4᠄  ᠬᠡᠳᠦ ᠬᠤᠷᠳᠤᠨ ᠳᠡᠭᠡᠰᠦ ᠦᠰᠦᠷᠬᠦ 

ᠵᠠᠷᠢᠮ ᠬᠥᠮᠦᠨ ᠬᠥᠳᠡᠯᠭᠡᠭᠡᠨ ᠬᠢᠬᠦ ᠦᠶ᠎ᠡ ᠳᠦ ᠲᠡᠩᠳᠡᠬᠦᠦ ᠬᠤᠷᠳᠤᠯᠠᠵᠦ᠂ ᠠᠯᠢ ᠲᠦᠷᠭᠡᠨ ᠢᠶᠡᠷ ᠥᠭᠡᠬᠦ ᠪᠠᠭᠤᠷᠠᠭᠤᠯᠬᠤ ᠪᠤᠶᠤ ᠪᠤᠯᠴᠢᠩ ᠢᠶᠠᠨ ᠨᠡᠮᠡᠭᠳᠡᠭᠦᠯᠬᠦ ᠶᠢ ᠬᠦᠰᠡᠳᠡᠭ᠂ ᠡᠨᠡ ᠨᠢ  ᠮᠦᠨ ᠠᠮᠠᠷᠬᠠᠨ ᠰᠢᠷᠬᠠᠲᠤᠭᠤᠯᠳᠠᠭ᠃

ᠡᠭᠦᠨ ᠡᠴᠡ ᠭᠠᠳᠠᠨ᠎ᠠ᠂ ᠬᠥᠮᠦᠨ ᠪᠦᠬᠦᠨ ᠴᠥᠮ ᠳᠡᠭᠡᠰᠦ ᠦᠰᠦᠷᠬᠦ ᠳᠦ ᠳᠣᠭᠢᠷᠠᠬᠤ ᠪᠢᠰᠢ᠂ ᠲᠤᠰᠬᠠᠶ ᠮᠡᠷᠭᠡᠵᠢᠯᠲᠡᠨ ᠦ ᠬᠡᠯᠡᠬᠦ ᠪᠡᠷ᠂ ᠵᠢᠷᠦᠬᠡᠨ ᠡᠪᠡᠳᠴᠢᠨ ᠂ ᠴᠢᠰᠤᠨ ᠳᠠᠷᠤᠯᠲᠠ ᠥᠨᠳᠥᠷ ᠡᠪᠡᠳᠴᠢᠨ ᠮᠡᠲᠦ ᠶᠢᠨ ᠣᠨᠴᠠᠭᠠᠶ ᠡᠪᠡᠳᠴᠢᠨ ᠲᠡᠶ ᠨᠠᠶᠢᠵᠠ ᠨᠠᠷ ᠡᠮᠴᠢ ᠶᠢᠨ ᠵᠠᠬᠢᠶ᠎ᠠ ᠶᠢ ᠵᠢᠷᠤᠮᠯᠠᠨ ᠂ ᠳᠡᠭᠡᠰᠦ ᠦᠰᠦᠷᠬᠦ ᠥᠬᠡᠶ ᠪᠣᠯ ᠬᠠᠮᠤᠭ ᠰᠠᠶᠢᠨ ᠃ ᠬᠡᠷᠪᠡ ᠡᠪᠦᠳᠦᠭ ᠦᠨ ᠦᠶ᠎ᠡ ᠭᠡᠮᠲᠦᠵᠦ ᠥᠩᠭᠡᠷᠡᠭᠰᠡᠨ ᠪᠠᠶᠢᠪᠠᠯ᠂ ᠬᠡᠲᠦᠷᠬᠡᠶ ᠤᠷᠲᠤ ᠬᠤᠭᠤᠴᠠᠭ᠎ᠠ ᠦᠰᠦᠷᠬᠦ ᠡᠴᠡ ᠵᠠᠢᠯᠠᠰᠬᠢᠬᠦ ᠬᠡᠷᠡᠭᠳᠡᠢ᠃




 


ᠢᠷᠡᠯᠳᠡ : 

 ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ