ᠰᠢᠷᠦᠭᠦᠨ ᠬᠥᠳᠡᠯᠭᠡᠭᠡᠨ ᠬᠢᠭᠰᠡᠨ ᠤ ᠳᠠᠷᠠᠭ᠎ᠠ᠂ ᠪᠡᠶ᠎ᠡ ᠶᠢᠨ ᠳᠤᠯᠠᠭᠠᠨ ᠤ ᠲᠣᠭᠲᠠᠮᠠᠯ ᠪᠠᠶᠢᠬᠤ ᠶᠢ ᠪᠠᠲᠤᠯᠠᠬᠤ ᠶᠢᠨ ᠲᠥᠯᠥᠭᠡ᠂ ᠠᠷᠠᠰᠤᠨ ᠤ ᠥᠩᠭᠡᠨ ᠲᠠᠯ᠎ᠠ ᠶᠢᠨ ᠴᠢᠰᠤᠨ ᠰᠤᠳᠠᠯ ᠲᠡᠯᠡᠭᠳᠡᠵᠦ᠂ ᠬᠥᠯᠥᠰᠦᠨ ᠤ ᠰᠦᠪᠡ ᠲᠡᠯᠡᠭᠳᠡᠨ᠂ ᠬᠥᠯᠥᠰᠦ ᠠᠷᠪᠢᠳᠴᠤ᠂ ᠬᠠᠯᠠᠭᠤᠨ ᠢ ᠰᠠᠷᠨᠢᠭᠤᠯᠬᠤ ᠳᠤ ᠳᠥᠭᠦᠮ  ᠪᠤᠯᠭᠠᠳᠠᠭ᠃ᠡᠨᠡ ᠦᠶ᠎ᠡ ᠳᠤ ᠬᠡᠷᠪᠡ ᠬᠦᠢᠲᠡᠨ ᠤᠰᠤ ᠪᠠᠷ ᠤᠬᠢᠶᠠᠪᠠᠯ᠂ ᠴᠢᠰᠤᠨ ᠰᠤᠳᠠᠯ ᠳᠤ ᠰᠡᠳᠦᠯᠲᠡ ᠥᠭᠴᠦ ᠳᠣᠣᠷ᠎ᠠ ᠪᠠᠨ ᠠᠪᠴᠢᠭᠤᠯᠵᠤ᠂ ᠴᠢᠰᠤᠨ ᠤ ᠡᠷᠭᠢᠯᠲᠡ ᠶᠢᠨ ᠰᠠᠭᠠᠲᠠᠭᠤᠯᠬᠤ ᠬᠦᠴᠦ ᠶᠢ ᠨᠡᠮᠡᠭᠳᠡᠭᠦᠯᠬᠦ ᠶᠢᠨ ᠬᠠᠮᠲᠤ ᠪᠡᠶ᠎ᠡ ᠮᠠᠬᠠᠪᠤᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠤᠨ᠂ ᠬᠥᠮᠥᠨ ᠠᠮᠠᠷᠬᠠᠨ ᠡᠪᠡᠳᠴᠢᠯᠡᠨ᠎ᠡ᠃ ᠬᠡᠷᠪᠡ ᠬᠠᠯᠠᠭᠤᠨ ᠤᠰᠤ ᠪᠠᠷ ᠪᠡᠶ᠎ᠡ ᠪᠠᠨ ᠤᠬᠢᠶᠠᠪᠠᠯ᠂ ᠴᠢᠰᠤ ᠨᠢ ᠪᠤᠯᠴᠢᠩ ᠮᠢᠬ᠎ᠠ ᠪᠠ ᠠᠷᠠᠰᠤᠨ ᠳᠤ ᠬᠡᠲᠦᠷᠬᠡᠢ ᠤᠷᠤᠰᠤᠨ ᠣᠷᠣᠵᠤ᠂ ᠵᠢᠷᠦᠬᠡ ᠪᠠ ᠶᠡᠭᠡ ᠲᠠᠷᠢᠬᠢᠨ ᠤ ᠴᠢᠰᠤᠨ ᠤ ᠬᠠᠩᠭᠠᠯᠲᠠ ᠬᠦᠷᠦᠯᠴᠡᠬᠦ ᠦᠭᠡᠢ ᠪᠣᠯᠵᠤ᠂ ᠬᠥᠩᠭᠡᠨ ᠦᠶᠡᠰ ᠲᠣᠯᠣᠭᠠᠢ ᠡᠷᠭᠢᠵᠦ ᠨᠢᠳᠦ ᠡᠷᠢᠶᠡᠯᠵᠡᠨ᠂ ᠬᠦᠨᠳᠦ ᠦᠶᠡᠰ ᠮᠠᠨᠠᠷᠠᠬᠤ ᠪᠥᠭᠡᠳ ᠪᠠᠰᠠ ᠪᠤᠰᠤᠳ ᠤᠳᠠᠭᠠᠨ ᠴᠢᠨᠠᠷᠲᠠᠢ ᠡᠪᠡᠳᠴᠢᠨ ᠢ ᠠᠮᠠᠷᠬᠠᠨ ᠡᠭᠦᠰᠬᠡᠨ᠎ᠡ᠃ ᠡᠶᠢᠮᠦ ᠠᠴᠠ ᠬᠥᠳᠡᠯᠭᠡᠭᠡᠨ ᠳᠠᠭᠤᠰᠤᠭᠰᠠᠨ ᠤ ᠳᠠᠷᠠᠭ᠎ᠠ᠂ ᠨᠠᠮᠳᠠᠭᠤᠯᠬᠤ ᠴᠠᠭ  ᠵᠠᠶᠢᠴᠢᠯᠠᠨ᠂ ᠳᠠᠷᠠᠭ᠎ᠠ ᠨᠢ ᠳᠠᠬᠢᠨ ᠪᠡᠶ᠎ᠡ ᠪᠠᠨ ᠤᠬᠢᠶᠠᠬᠤ ᠶᠢ ᠰᠠᠨᠠᠭᠤᠯᠤᠶ᠎ᠠ᠃

ᠢᠷᠡᠯᠳᠡ : 

 ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ