《ᠥᠨᠵᠢᠭᠰᠡᠨ ᠵᠠᠭᠤᠰᠢ》 ᠭᠡᠳᠡᠭ ᠨᠢ ᠵᠥᠪᠬᠡᠨ ᠨᠢᠭᠡ ᠬᠤᠨᠤᠭ ᠲᠠᠯᠪᠢᠭᠰᠠᠨ ᠢ ᠬᠡᠯᠡᠵᠦ ᠪᠠᠶᠢᠭ᠎ᠠ ᠪᠢᠰᠢ᠃  ᠰᠢᠨᠵᠢᠯᠡᠬᠦ‍‌ ᠤᠬᠠᠭᠠᠨ ᠤ ᠲᠠᠯ᠎ᠠ ᠠᠴᠠ ᠠᠪᠴᠤ ᠬᠡᠯᠡᠪᠡᠯ᠂ 8~10 ᠴᠠᠭ ᠭᠠᠷᠤᠶ ᠲᠠᠯᠪᠢᠭᠰᠠᠨ ᠵᠠᠭᠤᠰᠢ  ᠶᠢ ᠪᠦᠷ ᠥᠨᠵᠢᠭᠰᠡᠨ  ᠵᠠᠭᠤᠰᠢ ᠳᠤ ᠲᠤᠭᠠᠴᠠᠨ᠎ᠠ᠃ ᠢᠳᠡᠭᠡᠨ ᠢ ᠤᠳᠠᠭᠠᠨ ᠲᠠᠯᠪᠢᠬᠤ ᠲᠤᠰᠤᠮ᠂ ᠳᠣᠲᠣᠷᠠᠬᠢ ᠲᠠᠲᠠᠭᠤ  ᠠᠽᠣᠲ  ᠬᠦᠴᠢᠯ ᠤᠨ  ᠳᠠᠪᠤᠰᠤᠨ ‍ᠤ‌ᠠᠭᠤᠯᠤᠭᠳᠠᠴᠠ ᠨᠢ ᠳᠠᠭᠠᠯᠳᠤᠨ ᠨᠡᠮᠡᠭᠳᠡᠨ᠎ᠡ᠃ ᠴᠥᠭᠡᠨ ᠪᠤᠰᠤ ᠬᠥᠮᠦᠨ ᠶᠡᠷᠦ ᠨᠢ ᠲᠠᠲᠠᠭᠤ ᠠᠽᠣᠲ ᠬᠦᠴᠢᠯ ᠤᠨ  ᠳᠠᠪᠤᠰᠤ ᠳ᠋ᠤ᠋‌ᠬᠤᠤᠷᠠᠲᠠᠬᠲᠠᠬᠤ᠂ ᠴᠢᠨᠠᠭᠰᠢᠯᠠᠭᠠᠳ ᠥᠮᠡᠨ ᠡᠪᠡᠳᠴᠢᠨ ᠡᠭᠦᠰᠭᠡᠬᠦ ᠠᠴᠠ ᠵᠣᠪᠠᠳᠠᠭ᠃ ᠪᠣᠳᠠᠲᠤ ᠬᠡᠷᠡᠭ ᠦᠨᠡᠬᠡᠷ ᠡᠶᠢᠮᠦ ᠦᠦ︖

ᠲᠠᠲᠠᠭᠤ ᠠᠽᠣᠲ ᠬᠦᠴᠢᠯ ᠤᠨ ᠳᠠᠪᠤᠰᠤᠨ ᠤ ᠲᠣᠰ ᠪᠡᠶ᠎ᠡ ᠨᠢ ᠥᠮᠡᠨ ᠡᠭᠦᠰᠭᠡᠬᠦ ᠥᠬᠡᠶ         

ᠦᠨᠡᠨ ᠳᠡᠭᠡᠨ ᠲᠠᠲᠠᠭᠤ ᠠᠽᠣᠲ ᠬᠦᠴᠢᠯ ᠤᠨ ᠳᠠᠪᠤᠰᠤᠨ ᠤ ᠲᠣᠰ ᠪᠡᠶ᠎ᠡ ᠨᠢ ᠥᠮᠡᠨ  ᠡᠭᠦᠰᠭᠡᠬᠦ  ᠥᠬᠡᠶ  ᠶᠤᠮ᠃ ᠲᠡᠷᠡ ᠨᠢ ᠪᠠᠶᠢᠭᠠᠯᠢ ᠶᠢᠷᠲᠢᠨᠴᠦ ᠶᠢᠨ ᠣᠷᠴᠢᠨ ᠲᠣᠭᠤᠷᠢᠨ ᠳᠤ ᠥᠷᠭᠡᠨ ᠳᠡᠯᠭᠡᠷ ᠣᠷᠣᠰᠢᠵᠤ ᠪᠠᠶᠢᠳᠠᠭ᠂ ᠢᠯᠠᠩᠭᠤᠶ᠎ᠠ ᠢᠳᠡᠭᠡᠨ ‍ᠤ‌‍ᠲ᠋ᠣᠲᠣᠷ᠎ᠠ᠂ ᠵᠢᠱᠢᠶᠡᠯᠡᠪᠡᠯ ᠢᠳᠡᠰᠢᠨ ᠨᠣᠭᠤᠭ᠎ᠠ ᠶᠢᠨ ᠳᠣᠲᠣᠷᠠᠬᠢ  ᠲᠠᠲᠠᠭᠤ  ᠠᠽᠣᠲ  ᠬᠦᠴᠢᠯ ᠤᠨ  ᠳᠠᠪᠤᠰᠤᠨ ᠤ  ᠳᠤᠮᠳᠠᠴᠢ‌ᠠᠭᠤᠯᠤᠭᠳᠠᠴᠠ ᠨᠢ ᠪᠠᠷᠤᠭ 4 mg /  kg᠂  ᠮᠢᠬᠠᠨ ᠤ  ᠲᠥᠷᠥᠯ ᠨᠢ  ᠪᠠᠷᠤᠭ  3  mg  /  kg᠂  ᠥᠨᠳᠡᠭᠡᠨ ‍ᠤ‌‍ᠲ᠋ᠥ᠋ᠷᠥᠯ ᠨᠢ ᠪᠠᠷᠤᠭ 5 mg / kg ᠪᠠᠶᠢᠳᠠᠭ᠃ ᠬᠠᠷᠢᠨ ᠢᠳᠡᠰᠢᠨ ᠨᠣᠭᠤᠭ᠎ᠠ ᠵᠢᠮᠢᠰ ᠢ ᠲᠡᠭᠦᠵᠦ ᠬᠤᠷᠢᠶᠠᠭᠰᠠᠨ ᠤ ᠳᠠᠷᠠᠭ᠎ᠠ᠂ ᠪᠠᠰᠠ ᠲᠠᠲᠠᠭᠤ ᠠᠽᠣᠲ ᠬᠦᠴᠢᠯ ᠤᠨ ᠳᠠᠪᠤᠰᠤ ᠲᠠᠰᠤᠷᠠᠯᠲᠠ ᠥᠬᠡᠶ ᠡᠭᠦᠰᠳᠡᠭ᠃ ᠡᠭᠦᠨ ᠠᠴᠠ ᠭᠠᠳᠠᠨ᠎ᠠ᠂ ᠲᠠᠲᠠᠭᠤ  ᠠᠽᠣᠲ‌‍ᠬᠦ᠋ᠴᠢᠯ ᠤᠨ ᠳᠠᠪᠤᠰᠤ ᠨᠢ ᠪᠠᠰᠠ ᠬᠠᠤᠯᠢ ᠶᠣᠰᠣᠭᠠᠷ ᠬᠡᠷᠡᠭᠯᠡᠵᠦ ᠪᠣᠯᠬᠤ ᠢᠳᠡᠭᠡᠨ ᠤ ᠢᠯᠵᠢᠷᠡᠬᠦ ᠶᠢ ᠰᠡᠷᠭᠡᠶᠢᠯᠡᠬᠦ ᠡᠳ᠋  ᠪᠣᠯᠤᠨ᠎ᠠ᠂ ᠤᠯᠤᠰ ᠤᠨ ᠢᠳᠡᠭᠡᠨ ᠤ ᠠᠮᠤᠷ ᠲᠦᠪᠰᠢᠨ ᠤ ᠪᠠᠷᠢᠮᠵᠢᠶ᠎ᠠ ᠶᠢᠨ ᠬᠡᠪᠴᠢᠶᠡᠨ ᠳᠤ ᠪᠣᠯ ᠡᠷᠡᠭᠦᠯ ᠮᠡᠨᠳᠦ ᠶᠢᠨ  ᠲᠦᠭᠰᠢᠭᠦᠷᠢ  ᠦᠭᠡᠢ‌‍ᠶᠤᠮ᠃ ᠵᠢᠱᠢᠶᠡᠯᠡᠪᠡᠯ᠄ ᠮᠠᠨ ᠤ ᠠᠮᠢᠳᠤᠷᠠᠯ ᠳᠤ ᠦᠷᠭᠦᠯᠵᠢ ᠢᠳᠡᠳᠡᠭ ᠬᠢᠮ᠎ᠠ᠂ ᠳᠠᠪᠤᠰᠤᠯᠠᠭᠰᠠᠨ ᠮᠢᠬ᠎ᠠ  ᠵᠡᠷᠭᠡ  ᠳᠠᠪᠤᠰᠤᠯᠠᠭᠰᠠᠨ‌ᠢᠳᠡᠭᠡᠨ ᠤ ᠳᠣᠲᠣᠷ᠎ᠠ ᠳᠠᠷᠤᠶ ᠲᠠᠲᠠᠭᠤ ᠠᠽᠣᠲ ᠬᠦᠴᠢᠯ ᠤᠨ ᠳᠠᠪᠤᠰᠤ ᠶᠢ ᠨᠡᠮᠡᠭᠰᠡᠨ ᠪᠠᠶᠢᠵᠤ ᠮᠡᠳᠡᠨ᠎ᠡ᠃ᠵᠣᠬᠢᠬᠤ ᠨᠥᠬᠦᠴᠡᠯ ᠳᠣᠣᠷ᠎ᠠ ᠲᠠᠲᠠᠭᠤ ᠠᠽᠣᠲ ᠬᠦᠴᠢᠯ ᠤᠨ ᠳᠠᠪᠤᠰᠤ ᠬᠤᠣᠷ ᠲᠠᠢ   

ᠥᠨᠵᠢᠭᠰᠡᠨ ᠵᠠᠭᠤᠰᠢ ᠨᠣᠭᠤᠭ᠎ᠠ ᠬᠤᠣᠷ ᠲᠠᠢ᠂ ᠥᠮᠡᠨ ᠡᠭᠦᠰᠭᠡᠬᠦ  ᠠᠶᠤᠯ ᠲᠠᠢ ᠭᠡᠳᠡᠭ ᠨᠢ ᠲᠡᠷᠡ ᠪᠦᠬᠦᠨ ᠢᠶᠠᠷ ᠵᠶ᠋ᠠᠨ‌ᠤᠷᠤ ᠦᠭᠡᠢ ᠭᠠᠵᠠᠷ ᠤᠪᠤᠭ᠎ᠠ ᠪᠤᠰᠬᠠᠬᠰᠠᠨ ᠦᠭᠡ ᠪᠢᠰᠢ᠄ ᠨᠢᠭᠡ ᠲᠠᠯ᠎ᠠ ᠪᠠᠷ᠂ ᠬᠡᠷᠪᠡ ᠣᠬᠤᠷᠬᠠᠨ ᠬᠤᠭᠤᠴᠠᠭᠠᠨ ᠳᠤ ᠲᠠᠲᠠᠭᠤ‌ ᠠᠽᠣᠲ ᠬᠦᠴᠢᠯ ᠤᠨ ᠳᠠᠪᠤᠰᠤ ᠶᠢ  ᠬᠡᠲᠦᠷᠡᠲᠡᠯ᠎ᠡ  ᠢᠳᠡᠪᠡᠯ᠂  ᠲᠦᠷᠭᠡᠨ  ᠴᠢᠨᠠᠷᠲᠠᠶ  ᠬᠤᠣᠷᠳᠠᠭᠳᠠᠵᠤ᠂  ᠤᠯᠠᠭᠠᠨ  ᠡᠰ ‍ᠤᠨ‌ᠠᠵᠢᠯᠯᠠᠭ᠎ᠠ ᠶᠢ ᠨᠥᠯᠥᠭᠡᠯᠡᠵᠦ᠂ ᠴᠢᠰᠤᠨ ᠤ ᠬᠦᠴᠢᠯᠲᠥ᠋ᠷᠥᠭᠴᠢ ᠶᠢ ᠲᠤᠲᠠᠭᠳᠠᠭᠤᠯᠤᠨ᠎ᠠ᠃ ᠬᠥᠩᠭᠡᠨ  ᠪᠣᠯ  ᠲᠣᠯᠣᠭᠠᠢ  ᠡᠷᠭᠢᠵᠦ‌‍ᠲ᠋ᠠᠮᠢᠷᠳᠠᠬᠤ᠂ ᠴᠡᠭᠡᠵᠢ ᠪᠢᠲᠡᠭᠦᠷᠡᠵᠦ ᠠᠮᠢᠰᠬᠤᠯ ᠴᠢᠬᠤᠯᠳᠠᠬᠤ᠂ ᠳᠤᠷ᠎ᠠ ᠪᠤᠯᠭᠢᠵᠤ ᠪᠥᠭᠡᠯᠵᠢᠬᠦ᠂ ᠬᠡᠪᠡᠯᠢ ᠡᠪᠡᠳᠴᠦ  ᠰᠠᠭᠤᠯᠭᠠᠬᠤ᠂ ᠤᠷᠤᠭᠤᠯ ᠬᠤᠷᠤᠭᠤᠨ ᠦᠵᠦᠭᠦᠷ ᠬᠦᠬᠡᠷᠡᠭᠦ ᠵᠡᠷᠭᠡ ᠡᠪᠡᠳᠴᠢᠨ ᠤ ᠰᠢᠨᠵᠢ ᠢᠯᠡᠷᠡᠨ᠎ᠡ︔ ᠬᠦᠨᠳᠦ  ᠨᠣᠴᠢᠲᠠᠶ  ᠪᠣᠯ  ᠲᠠᠷᠢᠬᠢᠨ ‍ᠤ‌‍ᠬᠦ᠋ᠴᠢᠯᠲᠥᠷᠥᠭᠴᠢ ᠳᠤᠲᠠᠭᠳᠠᠬᠤ᠂ ᠴᠢᠨᠠᠭᠰᠢᠯᠠᠨ  ᠦᠬᠦᠬᠦ  ᠠᠶᠤᠯᠲᠠᠢ   ᠲᠠᠢ᠃  ᠨᠥᠭᠦᠭᠡ  ᠲᠠᠯ᠎ᠠ ᠪᠠᠷ᠂  ᠲᠠᠲᠠᠭᠤ  ᠠᠽᠣᠲ‌‍ ᠬᠦ᠋ᠴᠢᠯ ᠤᠨ ᠳᠠᠪᠤᠰᠤ ᠬᠤᠳᠣᠭᠤᠳᠣᠨ ᠤ ᠬᠦᠴᠢᠯᠯᠢᠭ ᠣᠷᠴᠢᠨ ᠳᠤ ᠤᠷᠤᠭᠰᠠᠨ ᠤ ᠳᠠᠷᠠᠭ᠎ᠠ᠂ ᠢᠳᠡᠭᠰᠡᠨ ᠤᠭᠤᠷᠠᠭ ᠲᠠᠢ ᠤᠷᠪᠠᠯ‌ ᠡᠭᠦᠰᠴᠦ᠂ ᠵᠢᠩᠬᠢᠨᠢ ᠥᠮᠡᠨ ᠡᠭᠦᠰᠭᠡᠬᠦ ᠦᠢᠯᠡᠳᠤᠯ ᠲᠠᠢ ᠲᠠᠲᠠᠭᠤ ᠠᠽᠣᠲ ᠬᠦᠴᠢᠯ ᠤᠨ ᠠᠮᠢᠨ ᠡᠭᠦᠰᠦᠨ᠎ᠡ᠃ ᠵᠠᠯᠭ᠎ᠠ  ᠠᠷᠪᠢᠨ‌ᠢᠳᠡᠪᠡᠯ᠂  ᠡᠰ ᠤᠨ  ᠭᠡᠨᠡᠳᠲᠡ ᠶᠢᠨ  ᠬᠤᠪᠢᠷᠠᠯᠲᠠ ᠶᠢ  ᠡᠭᠦᠰᠭᠡᠵᠦ᠂  ᠴᠢᠨᠠᠭᠰᠢᠯᠠᠪᠠᠯ  ᠬᠤᠳᠣᠭᠤᠳᠣᠨ  ᠥᠮᠡᠨ᠂  ᠤᠯᠠᠭᠠᠨ‌ᠬᠤᠭᠤᠯᠠᠶ ᠶᠢᠨ ᠥᠮᠡᠨ᠂ ᠡᠯᠢᠭᠡᠨ  ᠥᠮᠡᠨ᠂  ᠬᠤᠲᠣᠷᠢᠩᠬᠠᠶ  ᠭᠡᠳᠡᠰᠦᠨ ᠤ  ᠥᠮᠡᠨ  ᠵᠡᠷᠭᠡ  ᠣᠯᠠᠨ  ᠵᠥᠢᠯ ᠤᠨ  ᠥᠮᠡᠨ ᠢ ᠡᠭᠦᠰᠭᠡᠵᠦ ᠮᠡᠳᠡᠨ᠎ᠡ᠃ ᠥᠨᠵᠢᠭᠰᠡᠨ ᠵᠠᠭᠤᠰᠢ ᠨᠣᠭᠤᠭ᠎ᠠ ᠳᠣᠲᠣᠷᠠᠬᠢ ᠲᠠᠲᠠᠭᠤ ᠠᠽᠣᠲ ᠬᠦᠴᠢᠯ ᠤᠨ ᠳᠠᠪᠤᠰᠤ ᠪᠠᠷᠢᠮᠵᠢᠶ᠎ᠠ ᠡᠴᠠ‌‍ ᠬᠡᠲᠦᠷᠡᠭᠰᠡᠨ ᠦᠦ︖ ᠤᠯᠤᠰ ᠤᠨ ᠳᠣᠲᠣᠭᠠᠳᠤ ᠶᠢᠨ  ᠬᠤᠯᠪᠣᠭᠳᠠᠯ  ᠪᠥᠬᠦᠶ  ᠰᠤᠳᠤᠯᠭᠠᠨ ᠤ  ᠮᠡᠳᠡᠭᠡᠯᠡᠯ ᠢ  ᠦᠨᠳᠦᠰᠦᠯᠡᠪᠡᠯ᠂ᠨᠠᠰᠤᠨ ᠳᠤ ᠭᠦᠷᠦᠭᠰᠡᠳ ᠤᠨ ᠲᠠᠲᠠᠭᠤ ᠠᠽᠣᠲ ᠬᠦᠴᠢᠯ ᠤᠨ ᠳᠠᠪᠤᠰᠤ  ᠤᠤᠭᠤᠬᠤ  ᠬᠠᠮᠤᠭ ᠤᠨ  ᠳᠤᠤᠷ᠎ᠠ  ᠬᠤᠤᠷᠳᠠᠭᠳᠠᠬᠤ‌‍ ᠬᠡᠮᠵᠢᠶ᠎ᠡ ᠨᠢ ᠪᠠᠷᠤᠭ 300 mg ~500 mg᠂ 1 ~ 3 g ᠢᠳᠡᠪᠡᠯ ᠥᠭᠦᠬᠦ ᠠᠶᠤᠯ ᠲᠠᠢ᠃  ᠡᠨᠡ ᠨᠢ  ᠶᠠᠮᠠᠷ‌ᠤᠬᠠᠭᠳᠠᠬᠤᠨ ᠪᠤᠢ︖ ᠬᠥᠷᠥᠭᠡᠭᠴᠢ ᠳᠤ 24  ᠴᠠᠭ  ᠬᠠᠳᠠᠭᠠᠯᠠᠳᠠᠭ  ᠥᠨᠵᠢᠭᠰᠡᠨ  ᠵᠠᠭᠤᠰᠢ  ᠨᠣᠭᠤᠭ᠎ᠠ(ᠳᠠᠪᠤᠰᠤᠯᠠᠭᠰᠠᠨ‌ᠨᠣᠭᠤᠭ᠎ᠠ᠂ ᠪᠣᠯᠪᠠᠰᠤᠷᠠᠭᠤᠯᠤᠭᠰᠠᠨ ᠮᠢᠬᠠᠨ ᠤ ᠲᠥᠷᠥᠯ ᠢᠶᠠᠷ ᠪᠤᠳᠤᠬᠤ ᠥᠬᠡᠶ)᠂ ᠲᠠᠲᠠᠭᠤ ᠠᠽᠣᠲ ᠬᠦᠴᠢᠯ ᠤᠨ  ᠳᠠᠪᠤᠰᠤᠨ ‍ᠤ‌ᠠᠭᠤᠯᠤᠭᠳᠠᠴᠠ ᠨᠢ 10 mg / kg ᠠᠴᠠ  ᠬᠡᠲᠦᠷᠡᠬᠦ  ᠥᠬᠡᠶ᠃  ᠡᠶᠢᠮᠦ ᠠᠴᠠ  ᠥᠨᠵᠢᠭᠰᠡᠨ  ᠵᠠᠭᠤᠰᠢ  ᠨᠣᠭᠤᠭ᠎ᠠ ᠵᠢᠨ‌‍ᠲ᠋ᠠᠲᠠᠭᠤ ᠠᠽᠣᠲ ᠬᠦᠴᠢᠯ ᠤᠨ ᠳᠠᠪᠤᠰᠤᠨ ᠤ  ᠠᠭᠤᠯᠤᠭᠳᠠᠴᠠ᠂  ᠬᠤᠤᠷᠳᠠᠭᠤᠯᠬᠤ  ᠡᠮ ᠤᠨ  ᠬᠡᠮᠵᠢᠶ᠎ᠡ ᠠᠴᠠ  ᠪᠠᠰᠠ  ᠬᠤᠯᠠ‌ ᠵᠥ᠋ᠷᠢᠵᠦ ᠪᠠᠶᠢᠨ᠎ᠠ᠂ ᠬᠠᠶᠠ ᠵᠢᠭᠠᠬᠠᠨ ᠢᠳᠡᠪᠡᠯ ᠳᠡᠮᠡᠶ ᠠᠰᠠᠭᠤᠳᠠᠯ ᠥᠬᠡᠶ᠂ ᠣᠯᠠᠨ ᠢᠶᠠᠷ ᠢᠶᠠᠨ ᠬᠤᠨᠤᠭ  ᠥᠨᠵᠢᠭᠰᠡᠨ  ᠵᠠᠭᠤᠰᠢ‌ᠨᠣᠭᠤᠭ᠎ᠠ ᠶᠢᠨ ᠥᠩᠭᠡᠨ ᠤ ᠬᠤᠪᠢᠷᠠᠯᠲᠠ ᠶᠢ ᠶᠠᠷᠢᠬᠤ ᠴᠢᠬᠤᠯᠠ ᠥᠬᠡᠶ᠂ ᠭᠤᠤᠯᠳᠠᠯᠭ᠎ᠠ ᠨᠢ ᠢᠳᠡᠬᠦ  ᠳᠠᠪᠲᠠᠮᠵᠢ  ᠪᠠ  ᠬᠡᠮᠵᠢᠶ᠎ᠡ‌‍ ᠪᠣᠯᠤᠨ᠎ᠠ᠃         

ᠡᠨᠡ 4 ᠵᠥᠢᠯ ᠤᠨ ᠥᠨᠵᠢᠭᠰᠡᠨ ᠵᠠᠭᠤᠰᠢ ᠨᠣᠭᠤᠭ᠎ᠠ ᠶᠢ  ᠢᠳᠡᠵᠦ  ᠪᠠᠷᠠᠬᠤ  ᠦᠭᠡᠢ  ᠪᠣᠯ  ᠬᠠᠮᠤᠭ  ᠰᠠᠶᠢᠨ  ᠨᠢ‌ ᠬᠠᠶᠠᠨ᠎ᠠ︕         

ᠥᠨᠵᠢᠭᠰᠡᠨ ᠵᠠᠭᠤᠰᠢ ᠨᠣᠭᠤᠭ᠎ᠠ      

ᠥᠨᠵᠢᠭᠰᠡᠨ ᠳᠠᠯᠠᠢ ᠶᠢᠨ ᠢᠳᠡᠭᠡᠨ       

ᠥᠨᠵᠢᠭᠰᠡᠨ ᠮᠥᠩᠭᠦᠨ ᠳᠡᠯᠳᠡᠦ      

ᠥᠨᠵᠢᠭᠰᠡᠨ ᠥᠨᠳᠡᠭᠡ


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ