ᠠᠮᠢᠳᠤᠷᠠᠯ ᠪᠣᠯ ᠴᠢᠨᠦᠬᠢ᠂ ᠦᠪᠡᠷ ᠢᠶᠠᠨ ᠴᠢᠷᠮᠠᠢᠬᠤ ᠦᠭᠡᠢ ᠪᠣᠯ ᠬᠡᠨ  ᠴᠦ  ᠴᠢᠨᠦ  ᠡᠮᠦᠨ᠎ᠡ  ᠠᠴᠠ  ᠳᠣᠰᠠ  ᠪᠤᠯᠵᠦ‌‍ ᠴᠢᠳᠠᠬᠤ ᠦᠭᠡᠢ ᠶᠤᠮ᠃ ᠨᠣᠮ ᠤᠩᠰᠢᠬᠤ ᠶᠢ ᠪᠠᠷᠢᠮᠲᠠᠯᠠᠵᠤ᠂ ᠴᠠᠭ ᠢᠮᠠᠬᠲᠠ ᠪᠡᠶ᠎ᠡ ᠪᠠᠨ  ᠪᠣᠯᠪᠠᠰᠤᠷᠠᠭᠤᠯᠵᠤ᠂ ᠪᠤᠯᠵᠤᠭᠰᠠᠨ‌‍ ᠶᠠᠪᠤᠳᠠᠯ ᠠᠴᠠ ᠪᠠᠨ ᠲᠠᠪᠤᠨ ᠮᠢᠨᠦ᠋ᠲ ᠣᠷᠢᠳᠴᠢᠯᠠᠵᠦ ᠤᠴᠢᠬᠤ ᠁ ᠭᠡᠳ ᠣᠯᠠᠨ ᠣᠯᠠᠨ ᠰᠠᠶᠢᠬᠠᠨ ᠳᠠᠳᠬᠠᠯ ᠨᠢ ᠲᠠᠨ ᠢ ᠪᠤᠯᠪᠠᠰᠣᠷᠠᠯ ᠲᠠᠢ ᠬᠦᠮᠦᠨ ᠪᠤᠯᠬᠤ ᠳᠤ ᠴᠢᠨᠢ ᠲᠤᠰᠠ ᠪᠤᠯᠳᠠᠭ᠃ ᠥᠪᠡᠷ ᠢ ᠪᠠᠨ ᠬᠦᠮᠦᠵᠢᠬᠦᠯᠬᠦ  ᠲᠣᠬᠢᠶᠠᠯ  ᠪᠦᠬᠦᠨ ᠢ ᠠᠯᠳᠠᠬᠤ‌ ᠦᠬᠡᠢ ᠪᠠᠶᠢᠵᠦ᠂ ᠴᠠᠭ ᠢ ᠳᠠᠯᠠᠭᠠᠷ ᠦᠩᠭᠡᠷᠡᠬᠦᠯᠬᠦ ᠦᠬᠡᠢ᠂ ᠦᠪᠡᠷ ᠤᠨ ᠢᠶᠠᠨ ᠳᠦᠯᠦᠬᠡ ᠠᠰᠢᠬᠯᠠᠵᠦ ᠰᠣᠷᠣᠭᠠᠷᠠᠢ᠃                

1. ᠨᠣᠮ ᠤᠩᠰᠢᠬᠤ ᠶᠢ ᠪᠠᠷᠢᠮᠲᠠᠯᠠ᠃ ᠨᠣᠮ ᠤᠩᠰᠢᠬᠤ ᠨᠢ ᠪᠢᠳᠡᠨ ᠳᠤ ᠳᠡᠯᠡᠬᠡᠢ ᠶᠢᠷᠲᠢᠨᠴᠦ ᠶᠢᠨ ᠳᠦᠮᠡᠨ  ᠭᠡᠷᠡᠭ ᠢ‌‍ᠲ᠋ᠡᠬᠦᠰ ᠳᠠᠨᠢᠭᠤᠯᠳᠠᠭ ᠠᠴᠠ ᠲᠡᠷᠡ ᠪᠤᠯ ᠲᠠᠨ ᠤ ᠬᠦᠷᠦᠭᠰᠡᠨ ᠭᠠᠵᠠᠷ᠂ ᠬᠠᠷᠠᠭᠰᠠᠨ ᠵᠤᠶᠢᠯ ᠴᠢᠨᠢ  ᠶᠤᠮ᠃  ᠠᠮᠢᠳᠤᠷᠠᠯ ᠤᠨ ᠵᠶ᠋ᠠᠨ‌ᠠᠯᠢ ᠦᠶ᠎ᠡ ᠳᠤ ᠴᠤ ᠬᠡᠰᠡᠨ ᠨᠣᠮ ᠤᠩᠰᠢᠬᠤ ᠢᠶᠠᠨ ᠬᠠᠶᠠᠵᠦ ᠪᠣᠯᠬᠤ ᠦᠭᠡᠢ᠃ ᠡᠳᠦᠷ ᠪᠦᠷᠢ ᠬᠠᠭᠠᠰ ᠴᠠᠭ ᠯᠡ ᠣᠩᠰᠢᠬᠤ` ᠳᠦ ᠬᠠᠷᠠᠭ᠎ᠠ ᠶᠢ ᠴᠢᠨᠢ ᠳᠡᠯᠠᠵᠦ᠂ ᠰᠠᠨᠠᠭ᠎ᠠ ᠶᠢ ᠴᠢᠨᠢ ᠳᠡᠳᠬᠦᠵᠦ ᠴᠢᠳᠠᠨ᠎ᠠ᠃ 


2. ᠴᠠᠭ ᠢᠮᠠᠬᠲᠠ ᠪᠡᠶ᠎ᠡ ᠪᠠᠨ ᠴᠢᠬᠢᠷᠠᠬᠵᠢᠭᠤᠯᠤᠭᠠᠷᠠᠢ᠃ ᠠᠮᠢᠳᠤᠷᠠᠯ  ᠴᠢᠨᠢ  ᠬᠡᠴᠢᠨᠡᠨ  ᠶᠠᠭᠠᠷᠠᠯᠲᠠᠢ  ᠪᠠᠶᠢᠭᠰᠠᠨ  ᠴᠤ᠋‌‍ᠪᠡᠶ᠎ᠡ ᠪᠠᠨ ᠪᠤᠯᠪᠠᠰᠣᠷᠠᠭᠤᠯᠬᠤ ᠴᠠᠭ ᠭᠠᠷᠭᠠᠵᠤ ᠪᠠᠶᠢᠭᠠᠷᠠᠢ᠃ ᠬᠦᠭᠰᠢᠷᠡᠵᠦ ᠪᠢᠰᠢ ᠬᠦᠰᠢᠵᠦ ᠦᠬᠦᠨ᠎ᠡ ᠬᠡᠳᠡᠭ ᠦᠬᠡ  ᠪᠠᠶᠢᠳᠠᠭ᠃ᠬᠥᠳᠡᠯᠭᠡᠭᠡᠨ ᠬᠢᠬᠦ ᠨᠢ ᠠᠯᠵᠠᠭᠤ ᠬᠤᠶᠢᠷᠭᠤ  ᠠᠷᠠᠨᠰᠢᠨ ᠢ  ᠴᠢᠨᠢ  ᠬᠠᠶᠠᠭᠤᠯᠵᠦ᠂  ᠦᠶ᠎ᠡ  ᠬᠡᠰᠢᠬᠦᠦ ᠶᠢ  ᠴᠢᠨᠢ  ᠬᠤᠶᠠᠩ  ᠡᠴᠡ‌‍ᠴᠢᠯᠦᠬᠡᠯᠡᠨ᠂ ᠪᠤᠳᠤᠯ ᠰᠡᠳᠬᠢᠴᠡ ᠶᠢ ᠴᠢᠨᠢ ᠬᠤᠷᠴᠠᠯᠠᠵᠦ ᠪᠠᠶᠢᠳᠠᠭ᠃


3. ᠰᠠᠶᠢᠬᠠᠨ ᠬᠤᠷᠣᠮ ᠢ ᠠᠩᠬᠠᠷᠴᠦ ᠠᠵᠢᠭᠯᠠ᠃ ᠬᠤᠲᠠ ᠶᠢᠨ ᠭᠠᠳᠠᠭᠤᠷ ᠵᠤᠭᠠᠯᠠᠵᠦ ᠪᠠᠶᠢᠬᠤ ᠳᠤ  ᠲᠡᠭᠷᠢ  ᠴᠡᠯᠮᠡᠭ‌‍ ᠲ᠋ᠤᠩᠭᠠᠯᠠᠭ ᠪᠠᠶᠢᠭᠰᠠᠨ᠂ ᠭᠡᠨᠡᠳᠲᠡ ᠠᠮᠲᠠᠲᠠᠢ ᠶᠠᠭᠤᠮ᠎ᠠ ᠣᠯᠵᠤ ᠢᠳᠡᠬᠦ᠂ ᠠᠵᠢᠯ ᠤᠨ ᠲᠠᠯ᠎ᠠ ᠪᠠᠷ  ᠪᠠᠭ᠎ᠠ  ᠰᠠᠭ᠎ᠠ  ᠴᠦ  ᠬᠡᠰᠡᠨ‌ᠠᠮᠵᠢᠯᠲᠠ  ᠭᠠᠷᠭᠠᠬᠤ᠂ ᠰᠤᠷᠤᠯᠭ᠎ᠠ ᠶᠢᠨ  ᠳᠤᠮᠳᠠ ᠪᠠᠨ  ᠬᠦᠴᠢᠷ  ᠰᠡᠳᠦᠪ  ᠢ  ᠬᠢᠵᠦ  ᠴᠢᠳᠠᠬᠤ᠁ ᠭᠡᠳ  ᠬᠡᠷᠪᠡ  ᠲᠠ‌ ᠠᠩᠵᠠᠭᠠᠷᠠᠳᠠᠭ ᠯᠡ ᠶᠤᠮ ᠪᠣᠯ᠂ ᠭᠠᠶᠢᠬᠠᠯᠳᠠᠢ ᠬᠤᠷᠤᠮ ᠭᠠᠵᠠᠷ ᠢᠶᠠᠷ ᠳᠦᠬᠦᠷᠡᠩ ᠪᠠᠶᠢᠭ᠎ᠠ᠃ 


4. ᠥᠪᠡᠷ ᠢ ᠪᠠᠨ ᠦᠷᠭᠦᠯᠵᠢ ᠰᠢᠬᠦᠵᠦ ᠲᠤᠩᠭ᠎ᠠ᠃ ᠬᠥᠮᠥᠨ ᠥᠪᠡᠷ  ᠢ ᠪᠠᠨ  ᠲᠣᠳᠣᠷᠬᠠᠢ  ᠲᠠᠨᠢᠵᠤ᠂ ᠣᠯᠣᠭᠰᠠᠨ‌ ᠠᠯᠳᠠᠭᠰᠠᠨ ᠢᠶᠠᠨ ᠳᠣᠩᠭᠠᠵᠦ᠂ ᠲᠠᠰᠤᠷᠠᠯᠲᠠ ᠦᠭᠡᠢ ᠬᠠᠯᠠᠵᠦ ᠰᠠᠶᠢᠵᠢᠷᠠᠭᠤᠯᠪᠠᠯ ᠰᠠᠶ᠋ᠢ ᠣᠯᠠᠮ ᠰᠢᠯᠢᠳᠡᠭ  ᠬᠥᠮᠥᠨ  ᠪᠣᠯᠵᠤ‌‍  ᠬᠦ᠋ᠮᠦᠵᠢᠭᠳᠡᠨ᠎ᠡ᠃


5. ᠪᠤᠯᠵᠤᠭᠰᠠᠨ ᠶᠠᠪᠤᠳᠠᠯ ᠠᠴᠠ ᠪᠠᠨ 5 ᠮᠢᠨᠦ᠋ᠲ  ᠣᠷᠢᠳᠴᠢᠯᠠᠵᠦ  ᠤᠴᠢᠨ᠎ᠠ᠃  ᠪᠡᠯᠡᠳᠬᠡᠯ  ᠲᠠᠢ  ᠪᠤᠯ  ᠪᠠᠯᠠᠳᠠᠬᠤ‌ᠦᠬᠡᠢ ᠬᠡᠳᠡᠭ᠃ ᠰᠤᠷᠭᠠᠭᠤᠯᠢ ᠳᠠᠭᠠᠨ 5 ᠮᠢᠨᠦ᠋ᠲ ᠤᠷᠢᠳᠴᠢᠯᠠᠵᠦ ᠬᠦᠷᠦᠨ᠎ᠡ᠂ ᠵᠣᠴᠢᠨ ᠲᠠᠢ ᠠᠭᠤᠯᠵᠠᠬᠤ ᠳᠠᠭᠠᠨ 5 ᠮᠢᠨᠦ᠋ᠲ‌ ᠤᠷᠢᠳᠴᠢᠯᠠᠵᠦ ᠤᠴᠢᠨ᠎ᠠ᠂ ᠨᠠᠶᠢᠵᠠ ᠲᠠᠢ ᠪᠠᠨ ᠠᠭᠤᠯᠵᠠᠬᠤ ᠳᠠᠭᠠᠨ ᠴᠦ 5 ᠮᠢᠨᠦ᠋ᠲ ᠤᠨ ᠡᠮᠦᠨ᠎ᠡ ᠬᠦᠷᠦᠬᠡᠷᠡᠢ᠃


6. ᠦᠭᠡ ᠶᠢᠨ ᠰᠠᠶᠢᠬᠠᠨ ᠢ ᠶᠠᠷᠢᠵᠦ ᠪᠠᠢ᠃ ᠶᠡᠷᠦ ᠶᠢᠨ ᠦᠭᠡᠨ ᠳᠤ 《ᠦᠬᠡ ᠪᠠᠷ ᠬᠦᠮᠦᠨ ᠢ ᠦᠬᠦᠬᠦᠯᠵᠦ ᠪᠤᠯᠤᠨ᠎ᠠ᠂ ᠪᠤᠷᠮ᠎ᠠ ᠪᠠᠷ ᠳᠡᠳᠬᠦᠬᠦ ᠪᠠᠷ ᠢᠶᠠᠨ ᠣᠷᠮ᠎ᠠ ᠪᠠᠷ ᠳᠡᠳᠬᠦ》ᠭᠡᠵᠦ ᠶᠠᠷᠢᠳᠠᠭ᠃ ᠵᠦᠪ ᠰᠠᠨᠠᠭ᠎ᠠ  ᠲᠠᠢ  ᠰᠠᠶᠢᠬᠠᠨ  ᠦᠬᠡ  ᠦᠨᠡᠭᠡᠷ‌‍ ᠬᠦ᠋ᠮᠦᠰ ᠲᠤ ᠣᠷᠮ᠎ᠠ ᠦᠭᠴᠦ ᠪᠠᠶᠢᠳᠠᠭ ᠪᠤᠯ ᠬᠠᠳᠠᠭᠤ ᠰᠢᠷᠦᠬᠦᠨ ᠬᠠᠬᠢᠷ ᠦᠬᠡ ᠰᠡᠳᠬᠢᠯ ᠢ ᠰᠡᠪᠳᠦᠬᠡᠵᠦ ᠪᠠᠶᠢᠳᠠᠭ᠃


7. ᠪᠤᠰᠤᠳ ᠲᠤ ᠦᠷᠬᠦᠯᠵᠢ ᠳᠠᠯᠠᠷᠬᠠᠵᠦ ᠶᠠᠪᠤᠭᠠᠷᠠᠢ᠃ ᠠᠮᠢᠳᠣᠷᠠᠯ ᠳᠣᠮᠳᠠ ᠪᠤᠰᠤᠳ ᠤᠨ ᠳᠣᠰᠠᠯᠠᠮᠵᠢ ᠶᠠᠮᠠᠷ  ᠨᠢᠬᠡᠨ‌‍ᠴᠠᠭ ᠲᠤ ᠲᠠᠨ ᠳᠤ ᠬᠡᠷᠡᠭ ᠲᠠᠢ ᠨᠢ ᠮᠡᠳᠡᠭᠡᠵᠢ᠃ ᠭᠡᠷ ᠪᠦᠯᠢ ᠶᠢᠨ ᠳᠣᠳᠣᠷ᠎ᠠ ᠪᠠᠨ ᠠᠪᠤ ᠡᠵᠢ ᠠᠬ᠎ᠠ ᠳᠡᠬᠦᠦ  ᠰᠠᠳᠣᠨ  ᠠᠮᠠᠷᠠᠭ‌ ᠨᠦ᠋ᠬᠦᠷ ᠲᠡᠭᠡᠨ ᠪᠠᠰᠠ ᠪᠠᠶᠠᠷ ᠳᠠᠯᠠᠷᠬᠠᠯ ᠤᠨ ᠦᠬᠡ ᠢᠯᠡᠬᠦᠬᠡᠨ  ᠬᠡᠯᠡᠵᠦ  ᠪᠠᠶᠢᠬᠤ  ᠨᠢ  ᠴᠢᠬᠤᠯᠠ᠃  ᠨᠠᠶᠢᠵᠠ  ᠨᠦᠬᠦᠳ ‍ᠤᠨ‌‍ᠲ᠋ᠣᠮᠳᠠ ᠪᠤᠶᠤ ᠪᠤᠰᠤᠳ ᠶᠠᠮᠠᠷ ᠨᠢᠬᠡᠨ ᠬᠠᠷᠢᠯᠴᠠᠭᠠᠨ ᠳᠤ ᠴᠦ ᠠᠳᠠᠯᠢᠬᠠᠨ ᠠᠴᠢ ᠳᠣᠰᠠ ᠶᠢ ᠨᠢ ᠬᠦᠷᠳᠡᠵᠦ ᠪᠠᠶᠢᠭᠰᠠᠨ ᠪᠠᠶᠢᠭ᠎ᠠ‌ ᠦᠬᠡᠢ ᠴᠦ ᠰᠠᠶᠢᠬᠠᠨ ᠰᠡᠳᠬᠢᠯ ᠢᠶᠠᠷ ᠬᠠᠨᠳᠣᠵᠦ ᠲᠠᠯᠠᠷᠬᠠᠯ ᠢᠶᠠᠨ ᠦᠷᠬᠦᠯᠵᠢ ᠳᠡᠪᠰᠢᠬᠦᠯᠵᠦ ᠪᠠᠶᠢᠭᠠᠷᠠᠢ᠃


8. ᠪᠤᠰᠤᠳ ᠤᠨ ᠳᠣᠬᠠᠢ ᠪᠢᠲᠡᠭᠡᠢ ᠳᠤᠷ᠎ᠠ ᠪᠠᠷ ᠢᠶᠠᠨ ᠦᠨᠡᠯᠡᠭᠡᠷᠡᠢ᠃ ᠡᠨᠡ  ᠪᠤᠯ  ᠪᠣᠯᠪᠠᠰᠤᠷᠠᠯ  ᠲᠠᠢ  ᠪᠠᠶᠢᠭ᠎ᠠ ᠵᠢᠨ‌ᠨᠢᠭᠡ ᠵᠦᠢᠯ ᠤᠨ ᠢᠯᠡᠷᠡᠯ ᠮᠦᠨ᠃ ᠪᠤᠰᠤᠳ ᠢ ᠬᠦᠨᠳᠦᠳᠬᠡᠬᠦ ᠶᠢ ᠮᠡᠳᠡᠳᠡᠭ ᠬᠥᠮᠥᠨ᠂ ᠬᠦᠮᠦᠨ ᠢ ᠡᠪ ᠦᠭᠡᠶᠢᠷᠡᠭᠦᠯᠬᠦ ᠦᠭᠡ  ᠵᠢ‌‍ ᠲ᠋ᠤᠷ᠎ᠠ ᠪᠠᠷ ᠢᠶᠠᠨ ᠬᠡᠯᠡᠬᠦ ᠦᠭᠡᠢ ᠶᠤᠮ᠃ ᠨᠥᠭᠦᠭᠡ ᠬᠦᠮᠦᠨ ᠴᠢᠨᠢ ᠦᠨᠡᠬᠡᠷ ᠣᠯᠢᠭ ᠦᠭᠡᠢ ᠪᠠᠶᠢᠭᠰᠠᠨ ᠴᠤ ᠬᠡᠯᠡᠬᠦ ᠦᠭᠡ  ᠪᠡᠨ‌‍ᠪᠤᠳᠣᠵᠦ᠂ ᠦᠨᠡᠨ ᠰᠡᠳᠬᠢᠯ ᠠᠴᠠ ᠪᠠᠨ ᠰᠠᠨᠠᠭᠤᠯᠬᠤ ᠪᠤᠶᠤ ᠡᠪᠳᠡᠢ ᠬᠡᠯᠡᠬᠦ ᠶᠢ ᠡᠷᠬᠢᠮᠯᠡᠬᠦ ᠨᠢ ᠴᠢᠬᠤᠯᠠ᠃


9. ᠠᠳᠠᠭ᠎ᠠ ᠵᠢᠳᠦᠬᠡ ᠪᠠᠭᠠᠳᠠᠢ᠂ ᠪᠤᠬᠢᠨᠢᠳᠣᠯ ᠦᠬᠡᠢ ᠠᠮᠢᠳᠣᠷᠠ᠃  ᠠᠮᠢᠳᠤᠷᠠᠯ ᠳᠤ  ᠰᠡᠳᠬᠢᠯ  ᠪᠤᠬᠢᠨᠢᠳᠣᠭᠤᠯᠣᠭᠰᠠᠨ‌ᠤᠴᠢᠷ ᠲᠣᠬᠢᠶᠠᠯᠳᠤᠬᠤ ᠦᠭᠡᠢ ᠬᠡᠵᠦ ᠬᠠᠮᠢᠭ᠎ᠠ ᠪᠠᠶᠢᠬᠤᠪ᠃ ᠭᠡᠪᠡᠴᠦ ᠵᠠᠷᠢᠮ ᠶᠠᠪᠤᠳᠠᠯ ᠳᠤ ᠠᠳᠠᠭ᠎ᠠ ᠵᠢᠳᠦᠬᠡ ᠨᠡᠮᠡᠭᠳᠡᠬᠦ  ᠳᠣᠰᠣᠮ‌ ᠣᠯᠠᠮ ᠪᠤᠳᠤᠯᠢᠶᠠᠨᠲᠠᠢ ᠪᠤᠯᠵᠦ ᠪᠠᠶᠢᠳᠠᠭ᠃ ᠬᠠᠮᠤᠭ ᠤᠨ ᠮᠡᠷᠭᠡᠨ ᠠᠷᠭ᠎ᠠ ᠪᠣᠯ  ᠡᠬᠦᠨ  ᠠᠴᠠ  ᠴᠠᠭ  ᠲᠤᠬᠠᠢ  ᠳᠤᠨᠢ  ᠬᠤᠯᠠᠳᠠᠬᠤ‌‍ ᠶᠠᠪᠤᠳᠠᠯ ᠪᠣᠯᠣᠨ᠎ᠠ᠃ ᠬᠡᠷᠡᠭ ᠦᠭᠡᠢ ᠠᠳᠠᠭ᠎ᠠ ᠵᠢᠳᠦᠬᠡ ᠪᠠ ᠮᠥᠷᠭᠦᠯᠳᠦᠭᠡᠨ ᠠᠴᠠ  ᠬᠤᠯᠠᠳᠠᠪᠠᠯ ᠰᠠᠶ᠋ᠢ ᠨᠡᠩ  ᠲᠠᠭᠠᠯᠠᠮᠵᠢᠲᠠᠢ᠂ ᠲᠠᠪᠠᠲᠠᠢ ᠠᠮᠢᠳᠤᠷᠠᠵᠤ ᠴᠢᠳᠠᠨ᠎ᠠ᠃ 


10.  ᠦᠪᠡᠷ ᠤᠨ  ᠬᠢ  ᠪᠠᠨ  ᠪᠠᠷᠢᠮᠲᠠᠯᠠ᠃  ᠬᠥᠮᠥᠨ  ᠬᠡᠷᠪᠡ  ᠥᠪᠡᠷ ᠤᠨ  ᠦᠵᠡᠯᠲᠡ  ᠦᠭᠡᠢ ᠪᠠᠷ   ᠶᠠᠪᠤᠳᠠᠯ‌‍ ᠪᠣᠯᠭᠠᠨ ᠳᠤ ᠪᠤᠰᠤᠳ ᠢ ᠲᠦᠰᠢᠭᠯᠡᠬᠦ ᠳᠤ ᠬᠦᠷᠪᠡᠯ᠂ ᠬᠠᠮᠢᠭ᠎ᠠ ᠶᠠᠪᠤᠬᠰᠠᠨ ᠴᠦ ᠠᠮᠠᠷᠬᠠᠨ ᠰᠠᠨᠠᠭᠠᠴᠢᠯᠠᠭ᠎ᠠ ᠦᠭᠡᠢ  ᠪᠠᠶᠢᠷᠢᠨ ᠳᠦ ᠣᠷᠣᠬᠤ ᠪᠣᠯᠣᠨ᠎ᠠ᠃ ᠬᠡᠵᠢᠶ᠎ᠡ ᠬᠠᠮᠢᠭ᠎ᠠ ᠴᠤ ᠭᠡᠰᠡᠨ ᠴᠥᠮ ᠦᠪᠡᠷ ᠤᠨ ᠬᠢ ᠪᠠᠨ ᠪᠠᠷᠢᠮᠳᠠᠯᠠᠨ᠂ ᠦᠵᠡᠯᠲᠡ ᠳᠣᠳᠣᠷᠬᠠᠢ  ᠪᠠᠶᠢᠬᠤ‌‍ ᠬᠡᠷᠡᠭᠲᠡᠢ᠃  ᠥᠪᠡᠷ  ᠤᠨ   ᠶᠠᠪᠤᠳᠠᠯ ᠢᠶᠠᠨ   ᠦᠪᠡᠷᠳᠡᠬᠡᠨ   ᠡᠵᠡᠨ  ᠮᠡᠳᠡᠵᠦ᠂  ᠬᠠᠷᠠᠯᠲᠠ ᠪᠠᠨ  ᠳᠣᠳᠣ  ᠲᠣᠭᠲᠠᠭᠠᠵᠤ᠂ ᠲᠥᠯᠥᠪᠯᠡᠭᠡ ᠪᠠᠨ ᠰᠠᠶᠢᠲᠤᠷ ᠬᠢᠵᠦ᠂ ᠥᠪᠡᠷ ᠤᠨ ᠴᠢᠳᠠᠪᠤᠷᠢ ᠳᠠᠭᠠᠨ ᠲᠦᠰᠢᠭᠯᠡᠨ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ