ᠲᠣᠭᠯᠠᠭᠠᠮ ᠨᠢ ᠪᠠᠷᠢᠮᠵᠢᠶ᠎ᠠ ᠠᠴᠠ 70 ᠳᠠᠬᠢᠨ ᠬᠡᠲᠦᠷᠡᠵᠡᠶ︕ ᠮᠢᠩᠭᠠᠨ ᠳ᠋ᠦᠩᠰᠢᠭᠤᠷ ᠲᠥᠭᠦᠷᠢᠭ ᠤᠨ ᠬᠡᠪᠴᠢᠶᠡᠲᠦ ᠵᠠᠬ᠎ᠠ ᠳᠡᠯᠭᠡᠭᠦᠷ ᠤᠨ ᠶᠠᠰᠤ ᠴᠢᠨᠠᠷ ᠲᠤ ᠬᠡᠷᠬᠢᠨ ᠬᠦᠩᠭᠡᠨ ᠬᠠᠭᠤᠮᠠᠭᠠᠢ ᠬᠠᠨᠳᠤᠵᠤ ᠪᠣᠯᠬᠤ ᠪᠤᠢ︖
ᠬᠡᠦᠬᠡᠳ ᠪᠦᠷ ᠡᠯ᠎ᠡ ᠵᠦᠢᠯ ᠤᠨ ᠲᠣᠭᠯᠠᠭᠠᠮ ᠨᠠᠭᠠᠳᠬᠤ ᠳᠤᠷᠠᠲᠠᠢ᠂ ᠢᠯᠠᠩᠭᠤᠶ᠎ᠠ ᠨᠢᠯᠬ᠎ᠠ ᠬᠡᠦᠬᠡᠳ ᠪᠠᠰᠠ ᠲᠣᠭᠯᠠᠭᠠᠮ ᠵᠢᠠᠨ ᠬᠠᠵᠠᠵᠤ ᠬᠡᠮᠡᠯᠢᠲᠡᠭ᠂ ᠭᠡᠬᠦ ᠳᠡᠭᠡᠨ ᠲᠣᠭᠯᠠᠭᠠᠮ ᠳᠤ ᠣᠷᠣᠰᠢᠵᠤ ᠪᠠᠶᠢᠭ᠎ᠠ ᠠᠮᠤᠷ ᠲᠦᠪᠰᠢᠨ ᠪᠤᠰᠤ ᠠᠰᠠᠭᠤᠳᠠᠯ ᠨᠢ ᠬᠥ᠋ᠮᠦᠰ ᠢ ᠲᠦᠢᠯ ᠢᠶᠠᠷ ᠰᠠᠨᠠᠭ᠎ᠠ ᠵᠣᠪᠠᠭᠤᠯᠳᠠᠭ᠃
ᠵᠢᠶᠠᠩᠰᠦ ᠮᠤᠵᠢ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠲᠦᠷᠦᠭᠦᠬᠡᠨ ᠨᠢᠭᠡ ᠪᠦᠯᠦᠭ ᠠᠳᠠᠯᠢ ᠪᠤᠰᠤ ᠲᠥᠷᠥᠯ ᠤᠨ ᠨᠠᠭᠠᠳᠤᠮ ᠤᠨ ᠵᠥᠢᠯ ᠳᠤ ᠬᠢᠨᠠᠯᠲᠠ ᠲᠠᠯᠪᠢᠵᠤ ᠰᠣᠩᠭᠤᠨ ᠪᠠᠶᠢᠴᠠᠭᠠᠭᠰᠠᠨ ᠦᠷ᠎ᠡ ᠳ᠋ᠦᠩ ᠢ ᠨᠡᠶᠢᠲᠡᠯᠡᠪᠡ᠂ ᠰᠤᠷᠪᠤᠯᠵᠢᠯᠠᠭᠴᠢ ᠰᠤᠷᠪᠤᠯᠵᠢᠯᠠᠭ᠎ᠠ ᠶᠢᠨ ᠳᠤᠮᠳᠠ ᠣᠯᠵᠤ ᠮᠡᠳᠡᠭᠰᠡᠨ ᠨᠢ᠂ ᠡᠨᠡ ᠤᠳᠠᠭᠠᠨ ᠤ ᠨᠠᠭᠠᠳᠤᠮ ᠤᠨᠵᠥ᠋ᠢᠯ ᠳᠤ ᠰᠦᠯᠢᠶᠣᠣ ᠴᠠᠪᠠᠤᠯᠢᠭ ᠨᠠᠭᠠᠳᠤᠮ ᠪᠠ ᠬᠡᠤᠬᠡᠯᠳᠡᠶ ᠨᠠᠭᠠᠳᠤᠮ ᠤᠨ ᠵᠥᠢᠯ ᠭᠡᠬᠦ ᠬᠤᠶᠠᠷ ᠶᠡᠭᠡ ᠲᠥᠷᠥᠯ ᠤᠨ ᠪᠦ᠋ᠲᠦᠭᠡᠭᠳᠡᠬᠦᠨ ᠤ ᠬᠡᠪᠰᠢᠭᠦᠯᠦᠭᠴᠢ ᠡᠳ᠋ ᠨᠢ ᠤᠯᠤᠰ ᠤᠨ ᠬᠤᠯᠪᠣᠭᠳᠠᠯ ᠪᠥᠬᠦᠶ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠬᠦ ᠥᠬᠡᠶ ᠪᠠᠶᠢᠨ᠎ᠠ᠃
ᠣᠶᠢᠯᠠᠭᠠᠭᠰᠠᠨ ᠢᠶᠠᠷ᠂ ᠡᠨᠡ ᠤᠳᠠᠭᠠᠨ ᠤ ᠰᠤᠩᠭᠤᠨ ᠪᠠᠶᠢᠴᠠᠭᠠᠯᠲᠠ ᠳᠤ ᠢᠯᠡᠷᠡᠭᠦᠯᠦᠭᠰᠡᠨ ᠬᠡᠪᠰᠢᠭᠦᠯᠦᠭᠴᠢ ᠡᠳ᠋ ᠤᠨ ᠪᠠᠷᠢᠮᠵᠢᠶ᠎ᠠ ᠠᠴᠠ ᠬᠡᠲᠦᠷᠡᠭᠰᠡᠨ ᠲᠣᠭᠯᠠᠭᠠᠮ ᠤᠨ ᠵᠥᠢᠯ ᠠᠴᠠ ᠦᠵᠡᠪᠡᠯ᠂ ᠬᠡᠦᠬᠡᠳ ᠲᠣᠭᠯᠠᠭᠠᠮ ᠨᠠᠭᠠᠳᠴᠤ ᠪᠠᠶᠢᠬᠤ ᠳ᠋ᠠᠭᠠᠨ ᠲ᠋ᠣᠭᠯᠠᠭᠠᠮ ᠢ ᠲᠡᠮᠲᠡᠷᠢᠬᠦ᠂ ᠲᠣᠭᠯᠠᠭᠠᠮ ᠬᠡᠮᠡᠯᠢᠬᠦ ᠳᠤ ᠴᠥᠮ ᠬᠡᠪᠰᠢᠭᠦᠯᠦᠭᠴᠢ ᠡᠳ᠋ ᠤᠨ ᠰᠢᠯᠵᠢᠯᠲᠡ ᠡᠭᠦᠰᠴᠦ᠂ ᠬᠡᠦᠬᠡᠳ ᠤᠨᠰᠢᠩᠭᠡᠭᠡᠯᠲᠡ ᠶᠢᠨ ᠵᠠᠮ ᠢᠶᠠᠷ ᠳᠡᠮᠵᠢᠨ ᠪᠡᠶ᠎ᠡ ᠳᠣᠲᠣᠷ᠎ᠠ ᠣᠷᠣᠵᠤ ᠮᠡᠳᠡᠨ᠎ᠡ᠃ ᠰᠦᠯᠢᠶᠣᠣ ᠡᠳ᠋ ᠪᠠᠷᠢᠮᠵᠢᠶ᠎ᠠ ᠠᠴᠠ ᠬᠡᠲᠦᠷᠡᠭᠰᠡᠨᠲ᠋ᠣᠭᠯᠠᠭᠠᠮ ᠬᠡᠦᠬᠡᠳ ᠤᠨ ᠦᠷᠡᠵᠢᠯ ᠤᠨ ᠡᠷᠬᠡᠲᠡᠨ ᠪᠠ ᠪᠤᠶᠢᠵᠢᠯᠲᠠ ᠵᠡᠷᠭᠡ ᠡᠷᠡᠭᠦᠯ ᠮᠡᠨᠳᠦ ᠶᠢᠨ ᠲᠠᠯ᠎ᠠ ᠳᠤ ᠠᠰᠢᠭ ᠦᠭᠡᠢ ᠨᠥ᠋ᠯᠥᠭᠡ ᠦᠵᠡᠭᠦᠯᠵᠦ ᠮᠡᠳᠡᠨ᠎ᠡ ᠭᠡᠳᠡᠭ ᠢ ᠰᠤᠳᠤᠯᠭᠠᠨ ᠬᠠᠷᠠᠭᠤᠯᠵᠤ ᠪᠠᠶᠢᠨ᠎ᠠ᠃
ᠲᠤᠰᠬᠠᠶ ᠮᠡᠷᠭᠡᠵᠢᠯᠲᠡᠨ ᠰᠤᠷᠪᠤᠯᠵᠢᠯᠠᠭᠴᠢ ᠳᠤ ᠬᠡᠯᠡᠬᠦ ᠳᠡᠭᠡᠨ᠂ ᠦᠷᠡᠵᠢᠯ ᠤᠨ ᠡᠷᠬᠡᠲᠡᠨ ᠤ ᠡᠷᠡᠭᠦᠯ ᠮᠡᠨᠳᠦ ᠵᠢᠨᠲ᠋ᠠᠯ᠎ᠠ ᠠᠴᠠ ᠭᠠᠳᠠᠨ᠎ᠠ᠂ ᠰᠤᠳᠤᠯᠭᠠᠨ ᠳᠤ ᠪᠠᠰᠠ ᠬᠡᠪᠰᠢᠭᠦᠯᠦᠭᠴᠢ ᠡᠳ᠋ ᠤᠨ ᠠᠭᠤᠯᠤᠭᠳᠠᠴᠠ ᠬᠡᠲᠦ ᠥᠨᠳᠥᠷ ᠪᠠᠶᠢᠬᠤ ᠨᠢ ᠪᠠᠰᠠᠬᠡᠦᠬᠡᠳ ᠤᠨ ᠳᠣᠲᠣᠭᠠᠳᠤ ᠱᠦᠬᠦᠷᠡᠯ ᠤᠨ ᠰᠢᠰᠲ᠋ᠧᠮ᠂ ᠮᠡᠳᠡᠷᠡᠯ ᠤᠨ ᠰᠢᠰᠲ᠋ᠧᠮ ᠪᠠ ᠡᠭᠡᠯᠢᠯᠡᠭᠡ ᠶᠢᠨ ᠴᠢᠳᠠᠮᠵᠢ ᠶᠢᠨ ᠰᠢᠰᠲ᠋ᠧᠮᠵᠡᠷᠭᠡ ᠳᠤ ᠬᠤᠤᠷ ᠬᠥᠨᠥᠭᠡᠯ ᠤᠴᠠᠷᠠᠭᠤᠯᠵᠤ ᠮᠡᠳᠡᠨ᠎ᠡ᠃
ᠣᠶᠢᠯᠠᠭᠠᠭᠰᠠᠨ ᠢᠶᠠᠷ᠂ ᠮᠠᠨ ᠤ ᠤᠯᠤᠰ ᠪᠣᠯ ᠳᠡᠯᠡᠬᠡᠶ ᠳᠡᠭᠡᠷᠡᠬᠢ ᠨᠠᠭᠠᠳᠤᠮ ᠤᠨ ᠵᠥᠢᠯ ᠦᠢᠯᠡᠳᠬᠦ ᠬᠠᠮᠤᠭ ᠤᠨ ᠲᠣᠮᠣ ᠤᠯᠤᠰ ᠮᠥᠨ᠂ ᠵᠢᠯ ᠤᠨ ᠦᠢᠯᠡᠳᠭᠦᠨ ᠤ ᠥᠷᠲᠡᠭ ᠨᠢ 1000 ᠭᠠᠷᠤᠶ ᠳ᠋ᠦᠩᠰᠢᠭᠤᠷ ᠲᠥᠭᠦᠷᠢᠭ ᠲᠤ ᠬᠦᠷᠴᠦ᠂ ᠮᠠᠨ ᠤᠤᠯᠤᠰ ᠤᠨ ᠨᠠᠭᠠᠳᠤᠮ ᠤᠨ ᠵᠦᠢᠯ ᠤᠨ ᠠᠵᠤ ᠠᠬᠤᠶᠢᠯᠠᠯ ᠣᠳᠣᠬᠠᠨ ᠳᠤ 2 ᠲᠦᠮᠡ ᠶᠢ ᠳᠠᠪᠠᠵᠤ ᠪᠠᠶᠢᠨ᠎ᠠ᠂ ᠰᠤᠷᠪᠤᠯᠵᠢᠯᠠᠭᠴᠢ ᠪᠠᠶᠢᠴᠠᠭᠠᠯᠲᠠ ᠶᠢᠨ ᠳᠤᠮᠳᠠ ᠪᠠᠨ ᠵᠠᠷᠢᠮ ᠬᠢᠷᠢ ᠲᠡᠩᠴᠡᠭᠦ ᠥᠬᠡᠶ ᠨᠠᠭᠠᠳᠤᠮ ᠤᠨ ᠵᠦᠢᠯ ᠠᠴᠠ ᠪᠣᠯᠤᠭᠰᠠᠨ ᠬᠡᠦᠬᠡᠳ ᠤᠨᠰᠠᠨᠠᠭᠠᠨ ᠳᠤ ᠥᠬᠡᠶ ᠰᠢᠷᠬᠠᠲᠤᠯ ᠪᠠᠶᠢᠨ ᠳᠠᠬᠢᠨ ᠡᠭᠦᠰᠴᠦ ᠪᠠᠶᠢᠬᠤ ᠶᠢ ᠣᠯᠵᠤ ᠬᠠᠷᠠᠯ᠎ᠠ᠂ ᠪᠦᠷᠢᠳᠬᠡᠯ ᠳ᠋ᠤ᠋ᠢᠯᠡᠷᠡᠭᠦᠯᠦᠭᠰᠡᠨ ᠢᠶᠠᠷ᠂ ᠭᠡᠨᠡᠳᠲᠡ ᠶᠢᠨ ᠰᠢᠷᠬᠠᠲᠤᠯ ᠪᠣᠯ 0—14 ᠨᠠᠰᠤᠨ ᠤ ᠬᠡᠦᠬᠡᠳ ᠤᠨ ᠬᠠᠮᠤᠭ ᠤᠨ ᠴᠢᠬᠤᠯᠠᠰᠢᠷᠬᠠᠲᠤᠯ ᠤᠨ ᠰᠢᠯᠲᠠᠭᠠᠨ ᠪᠣᠯᠤᠨ᠎ᠠ᠂ ᠬᠡᠦᠬᠡᠳ ᠵᠢᠵᠢᠭ ᠰᠡᠯᠪᠢᠭ ᠲᠤᠨᠤᠭ ᠢ ᠠᠳᠡᠭᠦᠷᠡᠨ ᠢᠳᠡᠬᠦ ᠪᠤᠶᠤ ᠠᠳᠡᠭᠦᠷᠡᠨ ᠵᠠᠯᠭᠢᠭᠠᠳᠬᠠᠭ᠋ᠠᠬᠤ ᠵᠡᠷᠭᠡ ᠠᠴᠠ ᠪᠣᠯᠤᠭᠰᠠᠨ ᠰᠢᠷᠬᠠᠲᠤᠯ ᠤᠨ ᠬᠠᠷᠢᠴᠠᠯ ᠨᠢ 53 . 23 % ᠳᠤ ᠬᠦᠷᠴᠡᠶ᠃
ᠲᠣᠭᠯᠠᠭᠠᠮ ᠪᠣᠯ ᠬᠡᠦᠬᠡᠳ ᠢ ᠪᠠᠶᠠᠷ ᠬᠥᠷ ᠲᠠᠢ ᠨᠠᠭᠠᠳᠤᠭᠤᠯᠵᠤ᠂ ᠤᠬᠠᠭᠠᠨ ᠪᠢᠯᠢᠭ ᠢ ᠨᠢ ᠨᠡᠬᠡᠭᠲᠡᠬᠦᠯᠬᠦ ᠵᠢᠨ ᠲ᠋ᠦ᠋ᠯᠦᠭᠡ ᠪᠠᠶᠢᠵᠤ ᠲᠠᠭᠠᠷᠠᠨ᠎ᠠ᠂ ᠬᠠᠷᠢᠨ ᠬᠤᠣᠷ ᠬᠥᠨᠥᠭᠡᠯ ᠠᠪᠴᠢᠷᠠᠵᠦ ᠪᠤᠯᠠᠤ ᠦᠭᠡᠢ᠃ ᠬᠡᠦᠬᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠠᠮᠠᠭᠠᠯᠠᠬᠤ ᠪᠣᠯ ᠨᠠᠰᠤᠨ ᠳᠤ ᠬᠦᠷᠦᠭᠰᠡᠳ ᠤᠨ ᠳᠠᠷᠬᠠᠨ ᠡᠭᠦᠷᠭᠡ᠂ ᠪᠦᠲᠦᠭᠡᠭᠳᠡᠬᠦᠨ ᠤ ᠴᠢᠨᠠᠷ ᠢ ᠪᠠᠲᠤᠯᠠᠬᠤ ᠪᠣᠯ ᠠᠵᠤ ᠠᠬᠤᠢᠯᠠᠯ ᠤᠨ ᠳᠠᠷᠬᠠᠨ ᠡᠭᠦᠷᠭᠡ᠃ ᠣᠳᠣᠬᠠᠨ ᠳᠤ ᠮᠠᠨ ᠤ ᠤᠯᠤᠰ ᠤᠨ ᠲᠣᠭᠯᠠᠭᠠᠮ ᠤᠨ ᠵᠥᠢᠯ ᠤᠨ ᠵᠢᠯ ᠤᠨᠦᠢᠯᠡᠳᠬᠦᠨ ᠤ ᠥᠷᠲᠡᠭ 1000 ᠭᠠᠷᠤᠶ ᠳ᠋ᠦᠩᠰᠢᠭᠤᠷ ᠲᠥᠭᠦᠷᠢᠭ ᠲᠤ ᠬᠦᠷᠴᠦ ᠪᠠᠶᠢᠨ᠎ᠠ᠂ ᠡᠨᠡ ᠪᠣᠯ ᠨᠢᠭᠡᠨ ᠯᠤᠲᠤ ᠶᠡᠭᠡ ᠵᠠᠬ᠎ᠠ ᠳᠡᠯᠭᠡᠭᠦᠷ ᠮᠥᠨ᠂ ᠮᠢᠩᠭᠠᠨ ᠳ᠋ᠦᠩᠰᠢᠭᠤᠷ ᠤᠨ ᠬᠡᠪᠴᠢᠶᠡᠲᠦ ᠵᠠᠬ᠎ᠠ ᠳᠡᠯᠭᠡᠭᠦᠷ ᠪᠣᠯᠬᠤᠷ ᠶᠠᠰᠤ ᠴᠢᠨᠠᠷ ᠲᠤ ᠤᠬᠲᠤ ᠬᠦᠩᠭᠡᠨᠬᠠᠭᠤᠮᠠᠭᠠᠢ ᠬᠠᠨᠳᠤᠵᠤ ᠪᠣᠯᠬᠤ ᠥᠬᠡᠶ᠃
ᠢᠷᠡᠯᠳᠡ :
ᠠᠷᠠᠳ ᠤᠨ ᠰᠦᠯᠵᠢᠶ᠎ᠡ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ