ᠲᠦᠷᠦᠬᠦᠭᠡᠨ ᠲᠦᠷᠦ ᠶᠢᠨ ᠶᠠᠪᠣᠲᠠᠯ ᠤᠨ ᠬᠤᠷᠢᠶ᠎ᠠ ᠠᠴᠠ 《ᠡᠷᠡᠬᠦᠯ ᠡᠩᠭᠡ  ᠲᠣᠮᠲᠠᠲᠣ  ᠣᠯᠣᠰ ᠤᠨ  ᠠᠵᠢᠯᠯᠠᠭ᠎ᠠ ᠵᠢ‌‍ᠬᠡᠷᠡᠭᠵᠢᠬᠦᠯᠬᠦ ᠲᠣᠬᠠᠢ ᠰᠠᠨᠠᠯ》 ᠢ  ᠲᠠᠷᠣᠮᠠᠯᠯᠠᠨ ᠲᠠᠷᠬᠠᠭᠠᠵᠦ᠂ ᠣᠲᠣᠷᠢᠳᠬᠤ ᠺᠠᠳ᠋ᠷᠴᠣᠳ᠂ ᠡᠮᠨᠡᠯᠭᠡ ᠶᠢᠨ  ᠠᠵᠢᠯᠲᠠᠳ ᠪᠣᠯᠣᠨ‌‍ ᠪᠠᠭᠰᠢ ᠨᠠᠷ ᠵᠢᠱᠢᠶᠡᠴᠢ ᠲᠠᠭᠠᠭᠤᠯᠬᠤ ᠦᠢᠯᠡᠲᠦᠯ ᠢᠶᠠᠨ ᠪᠠᠲᠠᠷᠠᠭᠤᠯᠵᠦ᠂ ᠣᠯᠠᠨ ᠨᠡᠶᠢᠲᠡ ᠶᠢᠨ  ᠲᠠᠯᠠᠪᠣᠷ ᠲᠤ  ᠲᠠᠮᠠᠬᠢ  ᠲᠠᠲᠠᠵᠦ‌‍ᠪᠣᠯᠬᠤ ᠦᠭᠡᠢ ᠭᠡᠰᠡᠨ ᠪᠦᠭᠡᠳ ᠡᠯ᠎ᠡ ᠱᠠᠲᠣᠨ ᠤ ᠠᠯᠪᠠᠨ ᠪᠠᠶᠢᠭᠤᠯᠭ᠎ᠠ ᠶᠢ ᠲᠠᠮᠠᠬᠢ  ᠲᠠᠲᠠᠬᠤ  ᠦᠭᠡᠢ  ᠪᠠᠶᠢᠭᠤᠯᠭ᠎ᠠ  ᠪᠣᠯᠭᠠᠨ‌‍ᠪᠦ᠋ᠲᠦᠭᠡᠨ ᠪᠠᠶᠢᠭᠤᠯᠣᠨ᠎ᠠ ᠭᠡᠵᠦ  ᠱᠠᠭᠠᠷᠲᠠᠪᠠ᠃  ᠶᠡᠷᠦ ᠨᠢ  ᠲᠠᠷᠤᠭ᠎ᠠ  ᠣᠲᠣᠷᠢᠲᠣᠯᠭ᠎ᠠ  ᠲᠠᠭᠠᠭᠤᠯᠣᠨ  ᠲᠡᠮᠡᠬᠢ  ᠲᠠᠲᠠᠬᠤ ᠵᠢ‌ ᠬᠤᠷᠢᠬᠯᠠᠬᠤ ᠭᠡᠰᠡᠨ ᠰᠢᠢᠳᠪᠦᠷᠢ ᠶᠢᠨ ᠴᠠᠭᠠᠨ᠎ᠠ ᠠᠴᠠ ᠪᠢᠲᠡ ᠲᠠᠮᠠᠬᠢᠨ ᠤ ᠠᠰᠠᠭᠤᠲᠠᠯ ᠲᠣᠯᠭᠠᠮ ᠴᠢᠬᠤᠯᠠ ᠪᠣᠯᠣᠬᠰᠠᠨ ᠢ ᠣᠬᠠᠵᠦ‌ᠮᠡᠲᠡᠵᠦ ᠪᠣᠯᠬᠤ ᠶᠣᠮ᠃

ᠠᠩᠬᠠᠷᠴᠦ ᠦᠵᠡᠪᠡᠯ᠂ ᠪᠢᠲᠡᠨ ᠤ ᠡᠷᠬᠢᠨ ᠲᠣᠭᠤᠷᠢᠨ ᠳᠤ ᠲᠡᠮᠡᠬᠢ ᠲᠠᠲᠠᠲᠠᠬ  ᠬᠦᠮᠦᠨ ᠨᠡᠭᠡᠷᠡᠨ ᠮᠣᠩ ᠦᠭᠡᠢ᠃ ᠡᠬᠦᠨ ᠳᠤ ᠠᠨᠲᠠ ᠨᠦᠬᠦᠳ᠂ ᠠᠵᠢᠯ ᠨᠢᠭᠡᠲᠡᠨ᠂ ᠲᠦᠷᠦᠯ ᠰᠠᠲᠣᠨ᠂ ᠲᠠᠷᠤᠭ᠎ᠠ ᠣᠲᠣᠷᠢᠲᠣᠯᠭ᠎ᠠ ᠭᠡᠬᠦᠴᠢᠯᠡᠨ  ᠡᠯᠲᠡᠪ  ᠠᠵᠢᠯ‌‍ᠲ᠋ᠦ᠋ᠷᠦᠯ ᠤᠨ ᠶᠢᠰᠦᠨ ᠶᠠᠩᠵᠦ ᠶᠢᠨ ᠬᠦᠮᠦᠨ ᠢ ᠪᠠᠭᠲᠠᠭᠠᠵᠦ᠂ ᠬᠤᠷᠢᠮ ᠬᠤᠷᠠᠯ᠂ ᠬᠤᠭᠤᠯᠠᠨ ᠰᠢᠷᠡᠭᠡ᠂ ᠬᠤᠲᠠᠯᠲᠤᠭ᠎ᠠ ᠲᠡᠯᠭᠡᠬᠦᠷ᠂ ᠠᠯᠪᠠᠨ  ᠭᠡᠷ ᠁  ᠭᠡᠰᠡᠨ  ᠦᠭᠡᠢ  ᠭᠠᠰᠢᠭᠤᠨ ᠣᠲᠤᠭ᠎ᠠ  ᠪᠠᠭᠠᠬᠢᠭᠤᠯᠵᠦ  ᠰᠠᠭᠤᠬᠰᠠᠳ ᠵᠦᠩᠲᠡᠭᠡᠨ ᠬᠠᠷᠠᠬᠲᠠᠨ᠎ᠠ᠃ᠵᠠᠭᠤᠴᠢᠯᠠᠭᠤᠷ ᠲᠤ ᠮᠡᠲᠡᠭᠡᠯᠡᠭᠰᠡᠨ ᠢ ᠦᠨᠳᠦᠰᠦᠯᠡᠪᠡᠯ᠂ ᠪᠦᠬᠦ ᠲᠡᠯᠡᠭᠡᠢ ᠶᠢᠨ ᠲᠠᠮᠠᠬᠢ ᠲᠠᠲᠠᠬᠤ ᠬᠦᠮᠦᠨ ᠤ ᠲᠤᠭ᠎ᠠ  ᠨᠢᠭᠡᠨᠲᠡ  3 ᠳ᠋ᠦᠩᠰᠢᠭᠤᠷ ᠢᠯᠡᠬᠦᠦ ᠪᠠᠷ  ᠪᠦᠷᠢᠳᠭᠡᠬᠦᠯᠵᠦ᠂ 7.4  ᠳ᠋ᠦᠩᠰᠢᠭᠤᠷ  ᠬᠦᠮᠦᠨ  ᠲᠠᠮᠠᠬᠢᠨ  ᠣᠲᠤᠭ᠎ᠠ ᠶᠢᠨ  ᠲᠠᠯᠲᠠ  ᠬᠤᠣᠷ‌‍ᠬᠦ᠋ᠨᠦᠭᠡᠯ ᠢ ᠠᠮᠰᠠᠵᠦ ᠪᠠᠶᠢᠭ᠎ᠠ ᠠᠵᠢ᠃ 

ᠲᠡᠮᠡᠬᠢ ᠲᠠᠲᠠᠬᠤ ᠨᠢ ᠡᠷᠡᠬᠦᠯ ᠮᠡᠨᠲᠦ ᠳᠤ ᠬᠤᠣᠷᠲᠠᠢ ᠬᠡᠰᠡᠨ ᠢ ᠬᠦᠮᠦᠨ  ᠪᠣᠯᠭᠠᠨ  ᠭᠡᠶᠢᠲᠡᠯ᠎ᠡ  ᠮᠡᠲᠡᠲᠡᠭ᠃  ᠭᠡᠪᠡᠴᠦ‌‍ᠪᠢᠲᠡ ᠣᠢᠢᠯᠠᠭᠠᠵᠦ ᠮᠡᠲᠡᠭᠰᠡᠨ ᠬᠢᠷᠢ ᠪᠠᠷ ᠦᠪᠡᠷ ᠢ ᠪᠠᠨ  ᠱᠠᠭᠠᠷᠲᠠᠵᠦ  ᠬᠢᠵᠦ  ᠪᠡᠶᠡᠯᠡᠬᠦᠯᠵᠦ  ᠴᠢᠲᠠᠲᠠᠬ ᠦᠭᠡᠢ  ᠬᠤᠶᠢᠨ᠎ᠠ‌‍ᠬᠡᠯᠡᠲᠡᠭ ᠨᠢ ᠬᠡᠯᠡᠲᠡᠭ ᠢᠶᠠᠷ ᠢᠶᠠᠨ᠂ ᠲᠠᠲᠠᠲᠠᠬ ᠨᠢ ᠮᠦᠨ ᠬᠦ ᠲᠠᠲᠠᠲᠠᠬ ᠭᠡᠪ ᠢᠶᠠᠷ ᠢᠶᠠᠨ᠃ ᠲᠡᠮᠡᠬᠢ ᠲᠠᠲᠠᠬᠤ ᠬᠦᠮᠦᠨ ᠳᠤ  ᠲᠠᠯᠠᠨ‌‍ᠲ᠋ᠣᠯᠣᠭᠠᠨ ᠰᠢᠯᠲᠠᠬ ᠲᠣᠲᠠᠬᠤ ᠦᠭᠡᠢ  ᠭᠡᠭᠴᠢ  ᠦᠨᠡᠨ᠃  ᠵᠠᠷᠢᠮ ᠨᠢ  ᠴᠠᠬ  ᠨᠦᠭᠴᠢᠭᠡᠬᠦ  ᠭᠡᠵᠦ  ᠴᠠᠭᠠᠰᠣᠨ  ᠲᠠᠮᠠᠬᠢ ᠲᠠᠢ‌ᠨᠦ᠋ᠬᠦᠷᠯᠡᠬᠦ ᠳᠤ᠂ ᠵᠠᠷᠢᠮ ᠨᠢ ᠬᠦᠨ ᠪᠣᠲᠣᠯᠭᠠᠰᠢᠷᠠᠯ ᠳᠤ ᠰᠢᠬᠢᠲᠦᠨ  ᠭᠠᠰᠢᠭᠤᠨ  ᠣᠲᠤᠭ᠎ᠠ ᠪᠠᠷ  ᠰᠡᠳᠬᠢᠯ ᠢᠶᠠᠨ  ᠠᠷᠭᠠᠲᠠᠵᠤ᠂ᠬᠠᠶᠠ ᠵᠠᠷᠢᠮ ᠨᠢ ᠪᠠᠰᠠ ᠰᠣᠨᠢᠭᠤᠴᠢ ᠵᠠᠩ ᠳᠠᠭᠠᠨ ᠬᠦᠲᠦᠯᠦᠭᠲᠡᠨ ᠰᠣᠷᠴᠦ ᠲᠠᠲᠣᠬᠰᠠᠨ ᠣᠴᠢᠷᠲᠠᠢ᠃ ᠦᠨᠡᠨ ᠢ ᠬᠡᠯᠡᠪᠡᠯ᠂ ᠬᠡᠨ‌‍ᠲ᠋ᠠᠮᠠᠬᠢ ᠲᠠᠲᠠᠬᠤ ᠡᠰᠡᠬᠦ ᠨᠢ ᠬᠤᠪᠢ ᠬᠦᠮᠦᠨ ᠤ ᠡᠷᠭᠡ ᠴᠢᠯᠦᠭᠡ ᠶᠣᠮ᠃ ᠭᠡᠪᠡᠴᠦ ᠬᠠᠮᠢᠭ᠎ᠠ ᠶᠠᠮᠠᠷ ᠭᠠᠵᠠᠷ  ᠲᠠᠮᠠᠬᠢ  ᠲᠠᠲᠠᠬᠤ ᠨᠢ‌ᠣᠯᠠᠨ ᠬᠦᠮᠦᠨ ᠤ ᠡᠷᠡᠬᠦᠯ ᠮᠠᠨᠲᠣ᠂ ᠣᠷᠴᠢᠨ ᠲᠣᠭᠤᠷᠢᠨ ᠳᠤ ᠬᠤᠯᠪᠣᠬᠲᠠᠬᠰᠠᠨ ᠶᠡᠭᠡ ᠠᠰᠠᠭᠤᠲᠠᠯ ᠪᠣᠯᠬᠤ ᠭᠡᠯᠲᠡᠢ᠃

ᠴᠡᠪᠡᠷ ᠲᠣᠩᠭᠠᠯᠠᠬ ᠠᠭᠠᠷ ᠢ ᠴᠡᠭᠡᠵᠢ ᠲᠦᠬᠦᠷᠡᠩ ᠠᠮᠢᠰᠬᠤᠯᠯᠠᠬᠤ ᠪᠣᠯ  ᠬᠦᠮᠦᠨ ᠪᠣᠯᠭᠠᠨ ᠤ ᠬᠦᠰᠡᠯ ᠡᠷᠡᠮᠡᠯᠵᠡᠯ᠃ ᠲᠡᠭᠡᠬᠦ ᠳᠡᠭᠡᠨ ᠲᠡᠮᠡᠬᠢ ᠶᠢ ᠲᠡᠪᠴᠢᠵᠦ ᠬᠤᠷᠢᠬᠯᠠᠬᠤ ᠣᠷᠢᠶᠠᠯᠠᠭ᠎ᠠ ᠠᠯᠢ ᠡᠷᠲᠡ ᠲᠣᠷᠠᠲᠣᠬᠳᠠᠭᠰᠠᠨ ᠴᠦ ᠲᠣᠭᠤᠰᠢᠯᠠᠭᠤᠯᠵᠦ‌‍ ᠪᠣᠲᠠᠲᠠᠶᠢᠵᠢᠭᠤᠯᠬᠤ ᠠᠵᠢᠯ ᠠᠬᠢᠴᠠ ᠮᠠᠭᠤᠲᠠᠢ  ᠦᠷᠬᠦᠯᠵᠢᠯᠡᠭᠰᠡᠭᠡᠷ  ᠡᠳᠦᠭᠡ  ᠪᠣᠯᠪᠠ᠃  ᠡᠬᠦᠨ ᠤ  ᠣᠴᠢᠷ  ᠰᠢᠯᠲᠠᠭᠠᠨ   ᠢ ᠣᠬᠤᠴᠢᠯᠠᠪᠠᠯ᠂ ᠨᠢᠭᠡ ᠲᠠᠯ᠎ᠠ ᠪᠠᠷ ᠲᠠᠮᠠᠬᠢ ᠲᠠᠲᠠᠬᠤ ᠶᠢ ᠨᠡᠷ᠎ᠡ ᠶᠢᠨ ᠲᠡᠲᠦᠢ  ᠲᠡᠪᠴᠢᠵᠦ ᠬᠤᠷᠢᠬᠯᠠᠬᠰᠠᠨ  ᠪᠣᠯᠪᠠᠴᠦ  ᠨᠦᠬᠦᠭᠡ‌‍ᠲ᠋ᠠᠯ᠎ᠠ ᠪᠠᠷ ᠨᠢᠲᠦ ᠪᠠᠨ ᠠᠨᠢᠵᠦ᠂ ᠦᠯᠦ ᠦᠵᠡᠭᠰᠡᠨ ᠮᠡᠲᠦ ᠠᠪᠣᠷᠢᠯᠠᠵᠦ ᠵᠠᠩᠰᠢᠬᠰᠠᠨ ᠳᠤ ᠪᠠᠶᠢᠬ᠎ᠠ⁈ ᠡᠬᠦᠨ ᠤ  ᠣᠯᠠᠮ ᠵᠶ᠋ᠠᠷ‌‍ ᠬᠦ᠋ᠮᠦᠰ ᠲᠡᠮᠡᠬᠢᠨ ᠬᠠᠶᠢᠷᠴᠠᠬ ᠲᠤ ᠲᠠᠷᠪᠠᠶᠢᠲᠠᠯ᠎ᠠ  ᠪᠢᠴᠢᠵᠦ  ᠪᠠᠶᠢᠭ᠎ᠠ 《ᠡᠷᠡᠬᠦᠯ ᠮᠡᠨᠲᠦ ᠳᠤ  ᠬᠤᠣᠷᠲᠠᠢ  ᠭᠡᠰᠡᠨ  ᠬᠡᠲᠦᠨ‌ᠦᠰᠦᠭ ᠢ ᠦᠵᠡᠭᠰᠡᠨ ᠦᠭᠡᠢ ᠮᠡᠲᠦ ᠦᠩᠭᠡᠷᠡᠬᠡᠵᠦ᠂ ᠵᠢᠯ ᠪᠣᠯᠭᠠᠨ ᠤ 5  ᠰᠠᠷ᠎ᠠ ᠶᠢᠨ  31 ᠤ  ᠲᠠᠮᠠᠬᠢ  ᠲᠠᠲᠠᠬᠤ  ᠦᠭᠡᠢ‌ᠡᠳᠦᠷ ᠲᠤ᠂ ᠶᠠᠩ ᠳᠤᠨᠢ ᠲᠠᠭᠠᠷᠠᠭᠤᠯᠵᠦ ᠶᠣᠰᠣᠨ ᠳᠤᠨᠢ ᠶᠣᠣᠯᠠᠬᠤ ᠲᠡᠲᠦᠢ ᠪᠣᠯᠣᠬᠰᠠᠨ ᠪᠢᠯᠡ᠃

ᠲᠡᠮᠡᠬᠢ ᠬᠤᠷᠢᠬᠯᠠᠬᠤ ᠰᠢᠢᠳᠪᠦᠷᠢ ᠭᠠᠷᠣᠯ᠎ᠠ᠂ ᠲᠠᠷᠤᠭ᠎ᠠ ᠣᠲᠣᠷᠢᠲᠣᠯᠭ᠎ᠠ  ᠲᠠᠭᠠᠭᠤᠯᠵᠦ  ᠬᠢᠬᠦ ᠪᠠᠷ  ᠱᠠᠭᠠᠷᠲᠠᠯ᠎ᠠ᠃ ᠲᠠᠶᠠᠭᠠᠷ ᠢᠶᠠᠨ ᠬᠦᠲᠡᠯᠦᠯᠴᠡᠪᠡᠯ ᠨᠡᠩ ᠵᠣᠬᠢᠯᠲᠠᠢ ᠰᠠᠨ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ