ᠠᠩᠭ᠍ᠯᠢ ᠶᠢᠨ ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠰᠢᠨ᠎ᠡ ᠪᠠᠶᠢᠴᠠᠭᠠᠯᠳᠠ ᠶᠢ ᠦᠨᠳᠤᠰᠦᠯᠡᠪᠡᠯ᠂ ᠲᠠᠮᠠᠬᠢ ᠲᠠᠳᠠᠬᠤ ᠨᠢ ᠡᠷᠡᠬᠦᠯ ᠮᠡᠨᠳᠤ ᠶᠢ ᠨᠦᠯᠦᠬᠡᠯᠡᠨ᠎ᠡ ᠬᠡᠳᠡᠭ ᠢ ᠮᠡᠳᠡᠬᠦ ᠡᠴᠡ ᠪᠢᠰᠢ ᠠᠩᠭ᠍ᠯᠢ ᠶᠢᠨ ᠤᠯᠠᠨ ᠢᠷᠭᠡᠳ ᠲᠠᠮᠠᠬᠢ ᠲᠠᠳᠠᠬᠤ ᠨᠢ ᠬᠠᠷᠠᠭ᠎ᠠ ᠶᠢ ᠬᠡᠮᠳᠤᠬᠡᠬᠦ ᠶᠢ ᠮᠡᠳᠡᠬᠦ ᠦᠭᠡᠢ ᠪᠠᠶᠢᠳᠠᠭ᠃ ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠬᠢᠨ ᠲᠠᠮᠠᠬᠢ ᠲᠠᠳᠠᠬᠤ ᠨᠢ ᠢᠷᠬᠡᠳ ᠤᠨ ᠬᠠᠷᠠᠭ᠎ᠠ ᠶᠢ ᠬᠡᠮᠳᠤᠬᠡᠬᠦ ᠪᠦᠬᠡᠳ ᠰᠤᠬᠤᠷᠠᠭᠤᠯᠬᠤ ᠪᠤᠯᠤᠮᠵᠢ ᠲᠠᠢ ᠬᠡᠵᠤ ᠰᠠᠨᠠᠭᠤᠯᠪᠠ᠃
ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠬᠢᠨ ᠠᠩᠭ᠍ᠯᠢ ᠶᠢᠨ ᠨᠠᠰᠤᠨ ᠳ᠋ᠦ ᠬᠦᠷᠦᠭᠰᠡᠨ 2006 ᠬᠦᠮᠦᠨ ᠳᠤ ᠬᠢᠭ᠍ᠰᠡᠨ ᠪᠠᠶᠢᠴᠠᠭᠠᠯᠳᠠ ᠶᠢ ᠦᠨᠳᠤᠰᠦᠯᠡᠪᠡᠯ᠂ ᠵᠦᠪᠬᠡᠨ 18% ᠶ᠋ᠢᠨ ᠡᠩ ᠤᠨ ᠢᠷᠬᠡᠳ ᠲᠠᠮᠠᠬᠢ ᠲᠠᠳᠠᠬᠤ ᠨᠢ ᠬᠠᠷᠠᠭ᠎ᠠ ᠶᠢ ᠬᠠᠷᠰᠢᠯᠠᠬᠤ ᠪᠤᠶᠤ ᠰᠤᠬᠤᠷᠬᠤ ᠲᠠᠢ ᠬᠤᠯᠪᠤᠭ᠎ᠠ ᠲᠠᠢ ᠬᠡᠳᠡᠭ ᠢ ᠮᠡᠳᠡᠨ᠎ᠡ᠂ ᠬᠠᠷᠢᠨ ᠲᠠᠮᠠᠬᠢ ᠲᠠᠳᠠᠬᠤ ᠨᠢ ᠦᠮᠠᠨ ᠲᠠᠢ ᠬᠤᠯᠪᠤᠭ᠎ᠠ ᠲᠠᠢ ᠶᠢ 76% ᠶ᠋ᠢᠨ ᠬᠦᠮᠦᠨ ᠮᠡᠳᠡᠳᠡᠭ᠂ ᠲᠠᠮᠠᠬᠢ ᠲᠠᠳᠠᠬᠤ ᠨᠢ ᠮᠦᠬᠡᠷᠡᠰᠦᠨ ᠬᠤᠭᠤᠯᠠᠢ ᠪᠤᠯᠤᠨ ᠵᠢᠷᠦᠬᠡᠨ ᠤ ᠡᠪᠡᠳᠴᠢᠨ ᠤ ᠠᠶᠤᠯ ᠢ ᠲᠡᠭᠡᠭ᠍ᠰᠢᠯᠡᠬᠦᠯᠬᠦ ᠶᠢ ᠮᠡᠳᠡᠳᠡᠭ ᠬᠦᠮᠦᠨ ᠲᠤᠰ ᠲᠤᠰ 64% ᠪᠤᠯᠤᠨ 66% ᠶ᠋ᠢ ᠡᠵᠡᠯᠡᠵᠤ ᠪᠤᠢ᠃
ᠲᠤᠰᠬᠠᠢ ᠮᠡᠷᠬᠡᠵᠢᠯᠳᠡ ᠤ ᠶᠠᠷᠢᠬᠤ ᠪᠡᠷ᠂ ᠲᠠᠮᠠᠬᠢ ᠲᠠᠳᠠᠬᠤ ᠬᠦᠮᠦᠰ ᠢ ᠲᠠᠮᠠᠬᠢ ᠲᠠᠳᠠᠬᠤ ᠦᠭᠡᠢ ᠬᠦᠮᠦᠰ ᠲᠠᠢ ᠬᠠᠷᠢᠴᠠᠭᠤᠯᠪᠠᠯ᠂ ᠨᠠᠰᠤ ᠲᠠᠢ ᠬᠤᠯᠪᠤᠭ᠎ᠠ ᠲᠠᠢ ᠬᠠᠷᠠᠭᠠᠨ ᠤ ᠰᠢᠷ᠎ᠠ ᠲᠤᠯᠪᠤ ᠶᠢᠨ ᠡᠪᠡᠳᠴᠢᠨ ᠳᠤ ᠨᠡᠷᠪᠡᠭᠳᠡᠬᠦ ᠨᠤᠷᠮ᠎ᠠ ᠨᠢ 3 ᠲᠠᠬᠢᠨ ᠦᠨᠳᠤᠷ᠂ ᠴᠡᠩᠬᠡᠷ ᠬᠠᠷᠠᠩ ᠪᠤᠯᠤᠨ ᠴᠠᠭᠠᠨ ᠬᠠᠷᠠᠩ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠨᠢ 1 ᠲᠠᠬᠢᠨ ᠦᠨᠳᠤᠷ᠃ ᠡᠬᠦᠨ ᠳᠤ ᠰᠢᠷ᠎ᠠ ᠲᠤᠯᠪᠤ ᠶᠢᠨ ᠡᠪᠡᠳᠴᠢᠨ ᠨᠢ ᠠᠩᠭ᠍ᠯᠢ ᠶᠢᠨ ᠢᠷᠬᠡᠳ ᠤᠨ ᠬᠠᠷᠠᠭ᠎ᠠ ᠶᠢ ᠪᠠᠭᠤᠷᠠᠭᠤᠯᠵᠤ ᠪᠠᠶᠢᠭ᠎ᠠ ᠴᠢᠬᠤᠯᠠ ᠰᠢᠯᠳᠠᠭᠠᠨ ᠪᠤᠯᠤᠨ᠎ᠠ ᠬᠡᠪᠡ᠃
ᠪᠠᠶᠢᠴᠠᠭᠠᠯᠳᠠ ᠶᠢ ᠦᠨᠳᠤᠰᠦᠯᠡᠪᠡᠯ᠂ ᠤᠷᠳᠤ ᠬᠤᠭᠤᠴᠠᠭ᠎ᠠ ᠲᠠᠮᠠᠬᠢ ᠲᠠᠳᠠᠬᠰᠠᠳ ᠲᠠᠮᠠᠬᠢ ᠡᠴᠡ ᠲᠠᠳᠠᠭᠠᠯᠵᠠᠬᠤ ᠨᠢ ᠬᠠᠷᠠᠭ᠎ᠠ ᠶᠢ ᠰᠠᠶᠢᠵᠢᠷᠠᠭᠤᠯᠤᠨ᠎ᠠ ᠬᠡᠰᠡᠨ ᠢ ᠠᠩᠭ᠍ᠯᠢ ᠶᠢᠨ ᠵᠦᠪᠬᠡᠨ ᠲᠦᠷᠪᠡᠨ ᠤ ᠨᠢᠬᠡ ᠬᠤᠪᠢ ᠶᠢᠨ ᠬᠦᠮᠦᠨ ᠮᠡᠳᠡᠳᠡᠭ᠃
ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠬᠢᠨ᠂ ᠲᠠᠮᠠᠬᠢ ᠡᠴᠡ ᠲᠠᠳᠠᠭᠠᠯᠵᠠᠬᠤ ᠨᠢ ᠬᠠᠷᠠᠭ᠎ᠠ ᠪᠠᠨ ᠬᠠᠮᠠᠭᠠᠯᠠᠬᠤ ᠡᠷᠡᠬᠦᠯ ᠮᠡᠨᠳᠤ ᠶᠢᠨ ᠴᠢᠬᠤᠯᠠ ᠡᠯᠧᠮᠧᠨ᠋ᠲ ᠤᠨ ᠨᠢᠬᠡ᠂ ᠡᠶᠢᠮᠦ ᠡᠴᠡ ᠬᠡᠵᠢᠶ᠎ᠠ ᠲᠠᠮᠠᠬᠢ ᠡᠴᠡ ᠲᠠᠳᠠᠭᠠᠯᠵᠠᠪᠠᠴᠤ ᠤᠷᠤᠶᠢᠳᠠᠬᠤ ᠦᠭᠡᠢ ᠬᠡᠵᠡᠢ᠃
ᠢᠷᠡᠯᠳᠡ :
ᠰᠢᠨᠬᠤᠸᠠ ᠰᠦᠯᠵᠢᠶ᠎ᠡ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ