ᠴᠦᠬᠡᠨ ᠪᠤᠰᠤ ᠬᠡᠷ ᠤᠨ ᠠᠬᠠᠮᠡᠳ ᠲᠤᠭᠳᠠᠭᠰᠠᠨ ᠴᠠᠭ ᠲᠤ ᠬᠡᠦᠬᠡᠳ ᠤᠨ ᠨᠢᠳᠤᠨ ᠤ ᠬᠠᠷᠠᠭ᠎ᠠ ᠶᠢ ᠪᠠᠶᠢᠴᠠᠭᠠᠯᠭᠠᠬᠤ ᠨᠢ ᠰᠤᠷᠬᠤ ᠨᠠᠰᠤᠨ ᠤ ᠬᠡᠦᠬᠡᠳ ᠤᠨ ᠶᠠᠪᠤᠳᠠᠯ ᠬᠡᠵᠤ ᠪᠤᠳᠤᠳᠠᠭ᠂ ᠬᠡᠳᠡᠯ᠎ᠡ ᠤᠶᠢᠷ᠎ᠠ ᠳᠤ ᠵᠧᠵᠢᠶᠠᠩ ᠮᠤᠵᠢ ᠶᠢᠨ ᠠᠷᠠᠳ ᠤᠨ ᠡᠮᠨᠡᠯᠬᠡ ᠶᠢᠨ ᠨᠢᠳᠤᠨ ᠤ ᠡᠮᠨᠡᠯᠬᠡ ᠶᠢᠨ ᠵᠢᠭᠠᠯ ᠡᠪᠡᠳᠴᠢᠳᠡᠨ 4 ᠨᠠᠰᠤᠲᠠᠢ ᠳᠤ ᠪᠡᠨ ᠴᠠᠭᠠᠨ ᠬᠠᠷᠠᠩ ᠳᠤ ᠨᠡᠷᠪᠡᠭᠳᠡᠵᠤ᠂ 6 ᠰᠠᠷ᠎ᠠ ᠲᠠᠢ ᠨᠢᠯᠬ᠎ᠡ ᠬᠡᠦᠬᠡᠳ ᠬᠢᠯᠠᠷ ᠬᠠᠷᠠᠭ᠎ᠠ ᠲᠠᠢ ᠪᠤᠯᠪᠠ᠃ ᠬᠡᠷ ᠤᠨ ᠠᠬᠠᠮᠡᠳ ᠬᠡᠦᠬᠡᠳ ᠪᠠᠭ᠎ᠠ ᠪᠠᠶᠢᠨ᠎ᠠ ᠬᠡᠵᠤ ᠲᠤᠭᠳᠠᠭᠰᠠᠨ ᠴᠠᠭ ᠲᠤ ᠨᠢᠳᠤᠨ ᠤ ᠬᠠᠷᠠᠭ᠎ᠠ ᠶᠢ ᠨᠢ ᠪᠠᠶᠢᠴᠠᠭᠠᠯᠭᠠᠬᠤ ᠦᠭᠡᠢ ᠪᠠᠶᠢᠵᠤ ᠪᠤᠯᠬᠤ ᠦᠭᠡᠢ᠂ ᠨᠢᠳᠤᠨ ᠤ ᠤᠯᠠᠩᠬᠢ ᠡᠪᠡᠳᠴᠢᠨ ᠢ ᠡᠷᠳᠡᠡ ᠡᠴᠡ ᠨᠢ ᠰᠡᠷᠬᠡᠶᠢᠯᠡᠪᠡᠯ ᠪᠦᠲᠦᠮᠵᠢᠲᠡᠢ ᠬᠡᠵᠤ ᠲᠤᠰᠬᠠᠢ ᠮᠡᠷᠬᠡᠵᠢᠯᠳᠡᠨ ᠰᠠᠨᠠᠭᠤᠯᠵᠤ ᠪᠠᠶᠢᠨ᠎ᠠ᠃

ᠲᠤᠰᠬᠠᠢ ᠮᠡᠷᠬᠡᠵᠢᠯᠳᠡᠨ ᠤ ᠲᠠᠨᠢᠯᠴᠠᠭᠤᠯᠬᠤ ᠪᠡᠷ᠂ ᠬᠡᠦᠬᠡᠳ ᠤᠨ ᠬᠠᠷᠠᠭᠠᠨ ᠤ ᠬᠦᠭ᠍ᠵᠢᠯᠳᠡ ᠨᠢ ᠦᠪᠡᠷᠮᠢᠴᠡ ᠵᠠᠩᠬᠢᠯᠠᠭ᠎ᠠ ᠶᠢᠨ ᠬᠤᠭᠤᠴᠠᠭ᠎ᠠ ᠪᠤᠯᠤᠨ ᠮᠡᠳᠡᠷᠡᠮᠡᠳᠡᠬᠡᠢ ᠬᠤᠭᠤᠴᠠᠭ᠎ᠠ ᠲᠠᠢ ᠪᠠᠶᠢᠳᠠᠭ᠃ ᠬᠡᠳᠤᠢ ᠡᠷᠳᠡ ᠬᠠᠷᠠᠭᠠᠨ ᠤ ᠴᠢᠳᠠᠮᠵᠢ ᠪᠠᠨ ᠬᠢᠨᠠᠬᠤ ᠨᠢ ᠲᠦᠢᠯ ᠡᠴᠡ ᠴᠢᠬᠤᠯᠠ᠃ ᠬᠡᠦᠬᠡᠳ ᠮᠡᠨᠳᠤᠯᠡᠭᠰᠡᠨ ᠤ ᠲᠠᠷᠠᠭ᠎ᠠ 3 ᠰᠠᠷ᠎ᠠ᠂ 30 ᠰᠠᠷ᠎ᠠ ᠵᠢᠴᠢ 3 ᠨᠠᠰᠤᠨ ᠤ ᠥᠶ᠎ᠡ ᠪᠤᠯ ᠨᠢᠳᠤᠨ ᠤ ᠭᠠᠵᠢᠭ ᠬᠠᠷᠠᠭ᠎ᠠ ᠡᠬᠦᠰᠬᠦ ᠵᠠᠩᠬᠢᠯᠠᠭ᠎ᠠ ᠶᠢᠨ ᠭᠤᠷᠪᠡᠨ ᠬᠤᠭᠤᠴᠠᠭ᠎ᠠ ᠪᠤᠯᠤᠨ᠎ᠠ᠃ ᠡᠶᠢᠮᠦ ᠡᠴᠡ ᠰᠢᠨ᠎ᠡ ᠮᠡᠨᠳᠤᠯᠡᠭᠰᠡᠨ ᠬᠡᠦᠬᠡᠳ ᠤᠨ ᠨᠢᠳᠤᠨ ᠤ ᠡᠪᠡᠳᠴᠢᠨ ᠢ ᠪᠠᠶᠢᠴᠠᠭᠠᠯᠭᠠᠬᠤ ᠪᠦᠬᠡᠳ 3 ᠨᠠᠰᠤᠨ ᠡᠴᠡ ᠡᠮᠦᠨ᠎ᠡ ᠨᠢᠯᠬ᠎ᠡ ᠬᠡᠦᠬᠡᠳ ᠪᠤᠯᠤᠨ ᠬᠡᠦᠬᠡᠳ ᠤᠨ ᠬᠠᠷᠠᠭ᠎ᠠ ᠶᠢ ᠪᠠᠶᠢᠴᠠᠭᠠᠯᠭᠠᠨ ᠰᠡᠷᠬᠡᠶᠢᠯᠡᠬᠦ ᠪᠤᠯᠤᠨ ᠭᠠᠵᠢᠭ ᠬᠠᠷᠠᠭ᠎ᠠ ᠶᠢ ᠡᠮᠴᠢᠯᠡᠨ ᠵᠠᠰᠠᠬᠤ ᠨᠢ ᠲᠦᠢᠯ ᠤᠨ ᠴᠢᠬᠤᠯᠠ ᠪᠠᠶᠢᠳᠠᠭ᠃


ᠢᠷᠡᠯᠳᠡ : 

    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ