ᠲᠡᠭᠷᠢ ᠶᠢᠨ ᠬᠤᠷ᠎ᠠ ᠬᠦᠷᠢᠶ᠎ᠡ ᠨᠤᠳᠤᠭ ᠲᠤ ᠤᠷᠤᠢ ᠰᠠᠭᠠᠳᠠᠭᠰᠠᠨ ᠪᠤᠯᠪᠠᠴᠤ ᠤᠷᠤᠭᠰᠠᠨ ᠪᠤᠷᠤᠭᠠᠨ ᠬᠠᠮᠤᠭ ᠪᠤᠳᠠᠰ ᠢᠤᠮᠳᠠᠯᠠᠭᠰᠠᠨ ᠪᠠᠶᠢᠵᠠᠢ᠃ ᠬᠥᠳᠡᠭᠡ ᠲᠠᠯ᠎ᠠ ᠬᠥᠭᠡᠷᠡᠨ ᠨᠤᠭᠤᠭᠠᠷᠠᠵᠤ᠂ ᠠᠳᠤᠭᠤ ᠮᠠᠯ ᠲᠠᠯ᠎ᠠ ᠶᠢᠨ ᠲᠤᠮᠳᠠ ᠪᠠᠨ ᠲᠠᠪᠠᠳᠠᠢ ᠪᠡᠯᠴᠢᠭᠡᠷᠯᠡᠨ᠂ ᠡᠵᠡᠨ ᠨᠢ ᠪᠤᠯᠤᠭᠰᠠᠨ ᠮᠠᠯᠴᠢᠨ ᠲᠠᠷᠢᠶᠠᠴᠢᠳ ᠮᠠᠩᠨᠠᠢ ᠲᠠᠨᠢᠢᠨ ᠪᠠᠶᠠᠰᠤᠯᠴᠠᠵᠤ᠂ ᠰᠠᠶᠢᠬᠠᠨ ᠮᠤᠩᠭᠤᠯ ᠨᠤᠳᠤᠭ ᠤᠨ ᠥᠵᠡᠮᠵᠢᠳᠤ ᠤᠯᠠᠷᠢᠯ ᠢ ᠮᠡᠳᠡᠭᠡᠯᠠᠨᠠ᠃ 8 ᠰᠠᠷ᠎ᠠ ᠶᠢᠨ 18 — 19 ᠤ ᠡᠳᠤᠷ᠂ ᠲᠤᠮᠳᠠᠳᠤ ᠤᠯᠤᠰ · ᠥᠪᠤᠷ ᠮᠤᠩᠭᠤᠯ ᠤᠨ ᠲᠥᠷᠪᠡᠳᠤᠭᠡᠷ ᠬᠤᠭᠤᠴᠠᠭᠠᠨ ᠤ ᠲᠠᠯᠠᠭᠡᠢ ᠶᠢᠨ ᠮᠤᠷᠢᠨ ᠮᠡᠷᠭᠡᠵᠢᠯ ᠤᠨ ᠨᠠᠶᠢᠷ᠂ ᠬᠤᠷᠢᠨ ᠨᠢᠭᠡᠳᠤᠭᠡᠷ ᠬᠤᠭᠤᠴᠠᠭᠠᠨ ᠤ 8 ·18 ᠤ ᠵᠢᠷᠢᠮ ᠤᠨ ᠮᠤᠷᠢ ᠤᠷᠤᠯᠳᠤᠬᠤ ᠨᠠᠶᠢᠷ ᠤᠨ ᠬᠥᠷᠢᠶ᠎ᠠ ᠬᠤᠰᠢᠭᠤᠨ ᠳᠠᠬᠢ ᠤᠷᠤᠯᠳᠤᠭᠠᠨ ᠨᠢ ᠬᠤᠰᠢᠭᠤᠨ ᠤ ᠮᠠᠩᠬᠠᠨ ᠰᠤᠮᠤ ᠶᠢᠨ ᠬᠠᠳᠠᠭᠤ ᠭᠠᠴᠠᠭ᠎ᠠ ᠳᠤ ᠠᠮᠵᠢᠯᠳᠠ ᠲᠠᠢ ᠶᠠᠪᠤᠭᠳᠠᠯ᠎ᠠ᠃
ᠬᠥᠭᠡᠮᠳᠥᠭ ᠤᠭᠳᠠᠷᠭᠤᠢ ᠳᠤ ᠴᠠᠭᠠᠨ ᠡᠬᠦᠯᠡᠰ ᠬᠥᠪᠤᠯᠵᠡᠨ᠂ ᠬᠥᠷᠤᠰᠤᠳᠤ ᠲᠠᠯ᠎ᠠ ᠳᠤ ᠨᠤᠭᠤᠭᠠᠨ ᠡᠪᠡᠰᠤ ᠬᠠᠯᠢᠭᠤᠷᠠᠨ᠂ᠥᠡᠭᠭᠡᠳᠤ ᠰᠠᠶᠢᠬᠠᠨ ᠲᠤᠭ ᠲᠠᠯᠪᠠᠭ᠎ᠠ ᠡᠩ ᠵᠢᠭᠳᠡᠷᠡᠨ ᠨᠠᠮᠢᠷᠡᠵᠤ᠂ ᠨᠠᠶᠢᠷ ᠤᠨ ᠠᠬᠤᠢ ᠲᠠᠯᠠᠪᠠᠢ ᠬᠤᠪᠢ ᠶᠢᠨ ᠭᠠᠳᠠᠨ᠎ᠠ ᠥᠵᠡᠮᠵᠢ ᠲᠠᠢ ᠬᠠᠷᠠᠭᠳᠠᠵᠤ᠂ ᠬᠤᠯᠠ ᠤᠶᠢᠷ᠎ᠠ ᠶᠢᠨ ᠵᠤᠴᠢᠳ ᠢᠶᠠᠨ ᠤᠭᠳᠤᠵᠤ ᠪᠠᠶᠢᠪᠠ᠃ ᠤᠷᠤᠯᠳᠤᠭᠠᠨ ᠤ ᠴᠠᠭ ᠤᠢᠢᠷᠠᠳᠤᠭᠰᠠᠨᠠ᠂ ᠶᠠᠪᠤᠨ ᠴᠤᠪᠤᠭᠰᠠᠨ ᠬᠥᠮᠤᠰ ᠲᠠᠯᠠᠪᠠᠢ ᠲᠥᠬᠦᠷᠭᠡᠵᠤ᠂ ᠤᠷᠤᠯᠳᠤᠭᠠᠨ ᠳᠤ ᠤᠷᠤᠯᠴᠠᠭᠰᠠᠳ ᠨᠠᠷᠠ ᠪᠠᠨ ᠮᠡᠳᠡᠬᠦᠯᠤᠨ ᠤᠷᠤᠯᠳᠤᠭᠠᠨ ᠳᠤ ᠪᠠᠯᠡᠳᠭᠡᠵᠡᠭᠡᠨᠠ᠃ ︽ᠪᠢ ᠭᠡᠵᠤ 16 ᠨᠠᠰᠤᠨ ᠠᠴᠠ ᠡᠬᠢᠯᠡᠵᠤ ᠮᠤᠷᠢ ᠤᠷᠤᠯᠳᠤᠵᠤ᠂ ᠮᠤᠷᠢ ᠲᠠᠢ ᠪᠠᠨ ᠬᠠᠮᠳᠤ ᠠᠮᠢ ᠪᠠᠨ ᠬᠤᠯᠪᠤᠵᠤ ᠢᠷᠡᠭᠰᠡᠨ ᠬᠥᠮᠤᠨ᠂ ᠮᠤᠷᠢ ᠲᠠᠢ ᠪᠠᠨ ︿ᠵᠢᠭᠤᠷᠠᠯᠳᠤᠵᠤ﹀ ᠯᠡ ᠪᠠᠶᠢᠪᠠᠯ ᠰᠠᠶ᠋ᠢ ᠪᠠᠶᠠᠷ ᠵᠢᠷᠭᠠᠯ ᠲᠠᠢ᠂ ᠡᠨᠡ ᠤᠳᠠᠭ᠎ᠠ 5000 ᠮᠧᠲᠷ ᠤᠨ ᠤᠷᠤᠯᠳᠤᠭᠠᠨ ᠳᠤ ᠤᠷᠤᠯᠴᠠᠭᠰᠠᠨ᠂ ᠤᠳᠤ ᠨᠠᠮ᠎ᠠ ᠳᠤ ᠠᠪᠴᠤ ᠭᠡᠯᠡᠪᠡᠯ ᠲᠠᠰ ᠳ᠋ᠤᠭᠠᠷ ᠨᠢ ᠶᠠᠮᠠᠷ ᠭᠡᠳᠡᠭ ᠨᠢ ᠵᠥᠭᠡᠷ᠂ ᠤᠮᠤᠭ ᠪᠠᠬ᠎ᠠ ᠲᠠᠢ ᠤᠷᠤᠯᠴᠠᠵᠤ ᠪᠠᠶᠢᠬᠤ ᠨᠢ ᠴᠢᠬᠤᠯᠡ ᠰᠢᠤ︾ ᠭᠡᠵᠤ ᠮᠠᠩᠬᠠᠨ ᠰᠤᠮᠤ ᠶᠢᠨ ᠪᠤᠷᠬᠠᠨᠳᠤ ᠭᠠᠴᠠᠭ᠎ᠠ ᠶᠢᠨ ᠲᠠᠯᠠᠨ ᠨᠢᠭᠡᠳᠠᠢ ᠱᠠᠭᠠᠷᠠᠭ ᠨᠠᠰᠤᠳᠠᠨ ᠪᠠᠶᠠᠷᠳᠠᠶᠢᠬᠠᠨ ᠶᠠᠷᠢᠨ᠎ᠠ᠃ ᠲᠠᠶᠢᠮᠤ ᠡ᠂ ᠲᠠᠯ᠎ᠠ ᠭᠠᠷᠤᠭᠰᠠᠨ ᠮᠤᠷᠢᠳᠡᠨ᠂ ᠲᠠᠪᠢ ᠬᠥᠷᠥᠭᠰᠡᠨ ᠪᠥᠭᠡᠴᠢᠨ ᠠᠴᠠ ᠲᠤᠯᠤᠭ᠎ᠠ ᠨᠠᠢᠮᠠᠳᠠᠢ ᠪᠠᠭ᠋ᠠᠳᠠᠳ ᠬᠥᠷᠳᠡᠯ᠎ᠠ ᠠᠳᠠ ᠴᠤᠭᠯᠠᠷᠠᠨ᠂ ︽ᠪᠠᠭᠠᠳᠤᠷ ᠥᠨᠳᠤᠰᠤᠳᠠᠨ ᠮᠤᠷᠢᠳᠠᠨ ᠦᠨᠳᠤᠰᠤᠳᠡᠨ︾ ᠤ ᠠᠯᠳᠠᠷ ᠴᠤᠯᠠ ᠶᠢ ᠮᠠᠨᠳᠤᠭᠤᠯᠤᠨ᠂ ᠤᠶᠤᠨ ᠰᠠᠮᠪᠠᠭ᠎ᠠ ᠡᠷ᠎ᠠ ᠰᠢᠨᠳᠠᠰᠤ ᠪᠠᠨ ᠰᠢᠯᠭᠠᠬᠤ ᠪᠠᠷ ᠪᠡᠯᠡᠭᠡᠨ ᠪᠤᠯᠤᠯ᠎ᠠ᠃
ᠲᠤᠰ ᠤᠳᠠᠭᠠᠨ ᠤ ᠤᠷᠤᠯᠳᠤᠭᠠᠨ ᠳᠤ᠂ ᠮᠤᠷᠢ ᠤᠷᠤᠯᠳᠤᠬᠤ᠂ ᠪᠥᠭᠡ ᠪᠠᠷᠢᠯᠳᠤᠬᠤ᠂ ᠪᠢᠯᠡᠭᠤ ᠰᠢᠳᠡᠬᠦ ᠵᠡᠷᠭᠡ ᠨᠠᠭᠠᠳᠤᠮ ᠤᠨ ᠲᠥᠷᠥᠯ ᠵᠥᠢᠯ ᠢ ᠲᠤᠬᠢᠷᠠᠭᠤᠯᠵᠤ᠂ ᠬᠥᠷᠢᠶ᠎ᠠ ᠬᠤᠰᠢᠭᠤᠨ ᠤ ᠡᠯ᠎ᠠ ᠰᠤᠮᠤ ᠪᠠᠯᠭᠠᠰᠤ ᠵᠢᠴᠢ ᠠᠬ᠎ᠠ ᠲᠡᠬᠦᠥ ᠬᠤᠰᠢᠭᠤ ᠰᠢᠶᠠᠨ ᠠᠴᠠ ᠬᠥᠷᠥᠯᠴᠡᠨ ᠢᠷᠡᠭᠰᠡᠨ 300 ᠭᠠᠷᠤᠢ ᠤᠷᠤᠯᠳᠤᠭᠴᠢ ᠤᠷᠤᠯᠴᠠᠵᠤ᠂ ᠡᠬᠦᠨ ᠳᠤ᠂ ᠮᠤᠷᠢᠨ ᠤᠷᠤᠯᠳᠤᠭᠠᠨ ᠳᠤ 126 ᠬᠥᠮᠤᠨ᠂ ᠪᠥᠭᠡ ᠶᠢᠨ ᠪᠠᠷᠢᠯᠳᠤᠭᠠᠨ ᠳᠤ 96 ᠬᠥᠮᠤᠨ᠂ ᠪᠢᠯᠠᠭᠤ ᠶᠢᠨ ᠤᠷᠤᠯᠳᠤᠭᠠᠨ ᠳᠤ 81 ᠬᠥᠮᠤᠨ ᠪᠠᠢᠢᠪᠡ᠃
ᠤᠷᠤᠯᠳᠤᠭᠠᠨ ᠤ ᠡᠴᠤᠰ ᠲᠤ᠂ ᠡᠯ᠎ᠠ ᠲᠥᠷᠥᠯ ᠤᠨ ᠤᠷᠤᠯᠳᠤᠭᠠᠨ ᠤ ᠲᠥᠷᠥᠬᠦᠥ ᠨᠠᠢᠮᠡᠨ ᠨᠠᠷᠠᠰ᠂ ᠲᠠᠷᠤᠢ 64 ᠤᠷᠤᠯᠳᠤᠭᠴᠢ ᠶᠢ ᠬᠥᠬᠢᠬᠦᠯᠥᠨ ᠱᠠᠩᠨᠠᠭᠰᠠᠨ ᠪᠠᠶᠢᠨ᠎ᠠ᠃ ᠲᠤᠰ ᠤᠳᠠᠭᠠᠨ ᠤ ᠤᠷᠤᠯᠳᠤᠭᠠᠨ ᠨᠢ᠂ ᠭᠡᠳᠦ᠋ᠢᠪᠡᠷ ᠨᠠᠶᠢᠭᠡᠮ ᠲᠠᠶᠠᠭᠠᠷ ᠲᠠᠭᠠᠨ ᠮᠡᠳᠡᠷᠡᠭᠳᠡᠭᠰᠡᠨ ᠨᠠᠷᠠᠳᠤ ᠪᠥᠭᠡᠴᠢᠳ ᠪᠠᠶᠢᠬᠤ ᠥᠭᠡᠢ᠂ ᠨᠠᠷᠠᠳᠠᠢ ᠮᠤᠷᠢᠳ ᠴᠤ ᠪᠠᠶᠢᠬᠤ ᠥᠭᠡᠢ᠂ ᠭᠡᠪᠡᠴᠤ ᠠᠷᠠᠳ ᠲᠥᠮᠡᠨ ᠢᠶᠠᠨ ᠬᠠᠮᠤᠭ ᠤᠨ ᠥᠷᠭᠡᠨ ᠢᠶᠠᠷ ᠤᠷᠤᠯᠴᠠᠭᠤᠯᠤᠨ᠂ ᠬᠠᠮᠤᠭ ᠠᠴᠠ ᠬᠥᠨ ᠰᠤᠶᠤᠯ ᠲᠠᠮᠢᠷ ᠤᠨ ᠬᠥᠷᠳᠡᠭᠡᠮᠵᠢ ᠤᠯᠭᠤᠭᠰᠠᠨ ᠨᠢ ᠡᠨᠡᠬᠦ ᠨᠠᠶᠢᠷ ᠤᠨ ᠲᠤᠪᠤᠶᠢᠭᠰᠠᠨ ᠤᠨᠴᠠᠯᠢᠭ ᠪᠤᠯᠵᠤ᠂ ᠥᠷᠭᠡᠨ ᠤᠯᠠᠨ ᠨᠠᠭᠠᠳᠤᠮᠴᠢᠳ ᠵᠢᠴᠢ 3 ᠲᠥᠮᠡ ᠭᠠᠷᠤᠢ ᠥᠵᠡᠨ ᠰᠤᠨᠢᠷᠬᠠᠭᠴᠢᠳ ᠤᠨ ᠢᠶᠠᠨ ᠬᠠᠯᠠᠭᠤᠨ ᠬᠥᠷᠢᠶᠠᠯᠠᠯ ᠢ ᠤᠯᠤᠭᠰᠠᠨ ᠨᠢᠵᠢᠬᠢᠷ ᠰᠠᠶᠢᠬᠠᠨ ᠨᠠᠶᠢᠷ ᠪᠤᠯᠤᠭᠰᠠᠨ ᠪᠠᠶᠢᠨ᠎ᠠ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ