11284670_231156060002_2.jpg

 ᠥᠷᠯᠦᠬᠡᠨ ᠤ ᠬᠤᠭᠤᠯᠨᠨ ᠤ ᠶᠠᠰᠤ ᠴᠢᠨᠠᠷ ᠬᠦᠮᠦᠨ ᠤ ᠨᠢᠬᠡ ᠡᠳᠦᠷ ᠤᠨ ᠰᠡᠳᠬᠢᠴᠡ ᠴᠢᠳᠠᠪᠤᠷᠢ ᠶᠢ ᠨᠦᠯᠦᠬᠡᠯᠡᠬᠦ ᠪᠡᠷ ᠪᠠᠷᠠᠬᠤ ᠦᠬᠡᠢ᠂ ᠰᠠᠶᠢᠨ ᠢᠳᠡᠬᠦ ᠦᠬᠡᠢ ᠪᠤᠯ ᠬᠤᠳᠤᠭᠤᠳᠤᠨ ᠤ ᠦᠷᠪᠢᠰᠦᠯ᠂ ᠮᠠᠷᠢᠶᠡᠯᠡᠬᠤ᠂ ᠰᠦᠰᠦ ᠴᠢᠯᠠᠭᠤᠵᠢᠬᠤ ᠵᠡᠷᠭᠡ ᠡᠷᠡᠬᠦᠯ ᠮᠡᠨᠳᠤ ᠶᠢᠨ ᠠᠰᠠᠭᠤᠳᠠᠯ ᠲᠤᠯᠭᠠᠷᠠᠨ᠎ᠠ᠃ ᠴᠢᠨᠠᠭᠰᠢᠯᠠᠭᠠᠳ ᠰᠤᠳᠤᠯᠭᠠᠨ ᠢᠶᠡᠷ ᠬᠡᠷᠡᠴᠢᠯᠠᠭ᠍ᠰᠠᠨ ᠨᠢ᠂ ᠥᠷᠯᠦᠬᠡᠨ ᠤ ᠬᠤᠭᠤᠯᠨ ᠢᠳᠡᠬᠦ ᠶᠢ ᠴᠢᠬᠤᠯᠠᠴᠢᠯᠠᠬᠤ ᠦᠬᠡᠢ ᠬᠦᠮᠦᠨ ᠤ ᠠᠮᠢ ᠨᠠᠰᠤ ᠳᠤᠮᠳᠠᠴᠢ ᠪᠡᠷ 2.5 ᠨᠠᠰᠤ ᠬᠤᠷᠤᠭᠳᠠᠨ᠎ᠠ᠃ ᠳᠠᠷᠠᠭᠠᠬᠢ ᠪᠤᠯ ᠥᠷᠯᠦᠬᠡᠨ ᠤ ᠬᠤᠭᠤᠯᠨ ᠢᠳᠡᠬᠦ ᠦᠶᠡᠰ ᠤᠨ ᠮᠠᠭᠤ ᠲᠠᠳᠬᠠᠯ᠄

ᠬᠡᠲᠤ ᠬᠤᠷᠳᠤᠨ ᠢᠳᠡᠬᠦ

 ᠮᠡᠷᠭᠡᠯᠵᠢᠲᠠᠨ ᠤ ᠬᠡᠯᠡᠭᠰᠡᠨ ᠢᠶᠡᠷ᠂ ᠢᠳᠡᠬᠦ ᠳᠤ ᠪᠡᠨ ᠪᠦᠬᠦᠯᠢ ᠬᠠᠬᠠᠯᠢ ᠪᠡᠷ ᠵᠠᠯᠬᠢᠪᠡᠯ ᠰᠢᠩᠬᠡᠬᠡᠯᠲᠠ ᠶᠢ ᠨᠦᠯᠦᠬᠡᠯᠡᠬᠦ ᠪᠦᠬᠡᠳ ᠮᠠᠷᠢᠶᠡᠯᠡᠬᠤ ᠨᠤᠷᠮ᠎ᠠ ᠶᠢ ᠳᠠᠬᠢᠨ ᠢᠶᠡᠷ ᠨᠡᠮᠡᠭᠳᠡᠭᠦᠯᠵᠤ᠂ ᠬᠤᠳᠤᠭᠤᠳᠤ ᠬᠡᠳᠡᠰᠦᠨ ᠤ ᠳᠠᠷᠤᠮᠳᠠ ᠶᠢ ᠬᠦᠨᠳᠦᠷᠡᠭᠦᠯᠦᠨ᠎ᠠ᠃ ᠲᠡᠷᠡ ᠮᠦᠷᠲᠡᠬᠡᠨ᠂ ᠬᠡᠲᠤ ᠬᠤᠷᠳᠤᠨ ᠢᠳᠡᠪᠡᠯ ᠲᠠᠷᠢᠬᠢᠨ ᠤ ᠮᠡᠳᠡᠷᠡᠯ ᠤᠨ ᠬᠦᠳᠡᠯᠬᠡᠬᠡᠨ ᠢ ᠨᠦᠯᠦᠬᠡᠯᠡᠵᠤ ᠪᠢᠳᠠᠭᠤ ᠮᠤᠩᠬᠠᠭ ᠪᠤᠯᠬᠤ ᠪᠦᠬᠡᠳ ᠤᠷᠳᠤ ᠬᠤᠭᠤᠴᠠᠭ᠎ᠠ ᠪᠡᠷ ᠬᠠᠯᠠᠭᠤᠨ ᠢᠳᠡᠭᠡᠨ ᠤᠮᠳᠠᠭᠠᠨ ᠡᠳ᠋ᠯᠡᠪᠡᠯ ᠤᠯᠠᠭᠠᠨ ᠬᠤᠭᠤᠯᠠᠢ ᠶᠢᠨ ᠦᠮᠠᠨ ᠵᠡᠷᠭᠡ ᠬᠤᠭᠤᠯᠠ ᠪᠤᠯᠪᠠᠰᠤᠷᠠᠭᠤᠯᠬᠤ ᠡᠷᠭᠡᠲᠠᠨ ᠤ ᠡᠪᠡᠳᠴᠢᠨ ᠤᠯᠬᠤ ᠠᠶᠤᠯᠲᠠᠢ᠃

ᠬᠡᠲᠤ ᠡᠷᠲᠡ ᠢᠳᠡᠬᠦ

  ᠮᠡᠷᠭᠡᠯᠵᠢᠲᠠᠨ ᠤ ᠬᠡᠯᠡᠭᠰᠡᠨ ᠢᠶᠡᠷ᠂ ᠰᠥᠨᠢ ᠨᠤᠶᠢᠷᠰᠤᠬᠤ ᠬᠤᠭᠤᠴᠠᠭᠠᠨ ᠳᠤ ᠬᠦᠮᠦᠨ ᠤ ᠪᠡᠶ᠎ᠠ ᠶᠢᠨ ᠶᠡᠬᠡᠩᠬᠢ ᠡᠷᠭᠡᠲᠡᠨ ᠪᠦᠷ ᠠᠮᠠᠷᠠᠵᠤ᠂ ᠬᠤᠭᠤᠯᠠ ᠪᠤᠯᠪᠠᠰᠤᠷᠠᠭᠤᠯᠬᠤ ᠡᠷᠭᠡᠲᠠᠨ ᠯᠠ ᠦᠩᠬᠡᠷᠡᠭᠰᠡᠨ ᠤᠷᠤᠢ ᠶᠢᠨ ᠢᠳᠡᠬᠡᠨ ᠢ ᠰᠢᠩᠬᠡᠬᠡᠬᠦ ᠤᠴᠢᠷ ᠡᠴᠡ ᠦᠥᠷ ᠤᠨ ᠦᠶ᠎ᠠ ᠪᠡᠷ ᠰᠠᠶ᠊ᠢ ᠵᠢᠩᠬᠢᠨᠢ ᠪᠡᠷ ᠠᠮᠠᠷᠠᠬᠤ ᠪᠠᠶᠢᠳᠠᠯ ᠳᠤ ᠤᠷᠤᠳᠠᠭ᠃ ᠬᠡᠷᠪᠡ ᠥᠷᠯᠦᠬᠡᠨ ᠤ ᠬᠤᠭᠤᠯᠨ ᠪᠡᠨ ᠬᠡᠲᠤ ᠡᠷᠲᠡ ᠢᠳᠡᠪᠡᠯ ᠬᠤᠳᠤᠭᠤᠳᠤ ᠬᠡᠳᠠᠰᠤᠨ ᠤ ᠠᠮᠠᠷᠠᠬᠤ ᠶᠢ ᠨᠦᠯᠦᠬᠡᠯᠡᠨ᠎ᠠ᠂ 6᠄ 30 – 8᠄ 30 ᠴᠠᠭ ᠤᠨ ᠬᠤᠭᠤᠷᠤᠨᠳᠤ ᠢᠳᠡᠪᠡᠯ ᠬᠠᠮᠤᠭ ᠤᠨ ᠲᠤᠬᠢᠷᠠᠮᠵᠢᠲᠠᠢ᠃

ᠰᠢᠮ᠎ᠠ ᠲᠡᠵᠢᠬᠡᠯ ᠲᠡᠩᠴᠡᠪᠦᠷᠢ ᠦᠬᠡᠢ

 ᠰᠢᠮ᠎ᠠ ᠲᠡᠵᠢᠬᠡᠯ ᠭᠡᠲᠤᠷᠡᠭᠰᠡᠨ ᠥᠷᠯᠦᠬᠡᠨ ᠤ ᠬᠤᠭᠤᠯᠨᠨ ᠳᠤ ᠤᠭᠤᠷᠠᠭ ᠶᠡᠬᠡᠲᠡᠢ᠂ ᠦᠨᠳᠦᠷ ᠡᠨᠧᠷᠬᠢ ᠲᠠᠢ᠂ ᠥᠬᠡᠬᠦ ᠶᠡᠬᠡᠲᠠᠢ ᠢᠳᠡᠬᠡᠨ ᠪᠠᠭᠳᠠᠨ᠎ᠠ᠂ ᠵᠢᠱᠢᠶᠡᠯᠡᠪᠡᠯ᠂ ᠬᠠᠮᠪᠦ᠋ᠷᠭᠧᠷ᠂ ᠲᠤᠰᠤᠨ ᠳᠤ ᠰᠢᠷᠠᠭᠰᠠᠨ ᠢᠳᠡᠬᠡᠨ ᠬᠤᠳᠤᠭᠤᠲᠤ ᠭᠡᠳᠡᠰᠦᠨ ᠤ ᠳᠠᠷᠤᠮᠲᠠ ᠶᠢ ᠶᠡᠭᠡᠰᠭᠡᠨ᠂ ᠮᠠᠷᠢᠶᠡᠯᠡᠬᠤ ᠨᠤᠷᠮ᠎ᠠ ᠶᠢ ᠨᠡᠮᠡᠭᠳᠡᠭᠦᠯᠤᠨ᠎ᠠ᠃ ᠥᠷᠯᠦᠬᠡᠨ ᠤ ᠬᠤᠭᠤᠯᠨᠨ ᠡᠴᠡ ᠬᠦᠷᠲᠡᠬᠦ ᠡᠨᠧᠷᠬᠢ ᠪᠦᠬᠦᠯᠢ ᠡᠳᠦᠷ ᠤᠨ ᠶᠡᠷᠦᠩᠬᠡᠢ ᠡᠨᠧᠷᠬᠢ ᠶᠢᠨ 25% - 30% ᠶᠢ ᠡᠵᠡᠯᠡᠪᠡᠯ ᠲᠤᠬᠢᠷᠠᠮᠵᠢᠲᠠᠢ᠃ ᠮᠡᠷᠭᠡᠯᠵᠢᠲᠠᠨ ᠤ ᠰᠠᠨᠠᠭᠤᠯᠤᠭᠰᠠᠨ ᠢᠶᠡᠷ᠂ ᠥᠷᠯᠦᠬᠡᠨ ᠤ ᠬᠤᠭᠤᠯᠠᠨ ᠤ ᠰᠢᠮ᠎ᠠ ᠲᠡᠵᠢᠬᠡᠯ ᠤᠨ ᠲᠤᠬᠢᠷᠠᠭᠤᠯᠤᠯᠲᠠ ᠳᠤ ᠴᠠᠷᠳᠠᠭᠤᠯ ᠠᠭᠤᠯᠬᠤ ᠢᠳᠡᠭᠡᠨ᠂ ᠬᠦᠨᠡᠰᠦᠨ ᠤ ᠨᠤᠭᠤᠭ᠎ᠠ ᠵᠢᠮᠢᠰ᠂ ᠬᠠᠳᠠᠭᠤ ᠵᠢᠮᠢᠰ ᠪᠠ ᠰᠦ᠋ ᠶᠢᠨ ᠲᠦᠷᠦᠯ᠂ ᠦᠨᠳᠡᠭᠡ ᠶᠢᠨ ᠲᠦᠷᠦᠯ᠂ ᠪᠤᠷᠴᠠᠭ ᠤᠨ ᠲᠦᠷᠦᠯ ᠵᠡᠷᠭᠡ ᠤᠭᠤᠷᠠᠭ ᠡᠯᠪᠡᠭ᠌ ᠠᠭᠤᠯᠤᠭᠰᠠᠨ ᠢᠳᠡᠬᠡᠨ ᠪᠠᠶᠢᠪᠠᠯ ᠰᠠᠶᠢᠨ᠂ ᠲᠤᠰᠤᠨ ᠳᠤ ᠰᠢᠷᠠᠭᠰᠠᠨ ᠢᠳᠡᠬᠡᠨ᠂ ᠰᠢᠷᠠᠯᠭ᠎ᠠ ᠪᠤᠶᠤ ᠤᠳᠤᠵᠤ ᠥᠢᠯᠡᠳᠦᠭ᠍ᠰᠡᠨ ᠢᠳᠡᠭᠡᠨ ᠢᠳᠡᠬᠦ ᠦᠬᠡᠢ ᠪᠤᠯ ᠰᠠᠶᠢᠨ᠃

ᠤᠷᠴᠢᠨ ᠲᠤᠭᠤᠷᠢᠨ ᠠᠨᠠᠢ

 ᠵᠠᠷᠢᠮ ᠵᠠᠯᠠᠭᠤᠴᠤᠳ ᠠᠯᠬᠤᠬᠤ ᠶᠢᠨ ᠳᠠᠭᠠᠤ ᠥᠷᠯᠦᠬᠡᠨ ᠤ ᠬᠤᠭᠤᠯᠨ ᠢᠳᠡᠬᠦ ᠲᠠᠳᠬᠠᠯ ᠲᠠᠢ᠂ ᠤᠷᠲᠤ ᠬᠤᠭᠤᠴᠠᠭ᠎ᠠ ᠦᠷᠭᠦᠯᠵᠢᠯᠡᠪᠡᠯ ᠬᠤᠳᠤᠭᠤᠳᠤᠨ ᠤ ᠦᠷᠪᠢᠰᠦᠯ ᠤᠯᠵᠤ ᠬᠤᠳᠤᠭᠤᠳᠤ ᠤᠨᠵᠢᠬᠤ ᠠᠶᠤᠯ ᠲᠠᠢ ᠪᠦᠭᠡᠳ ᠮᠠᠷᠢᠶᠡᠯᠡᠬᠤ ᠨᠤᠷᠮ᠎ᠠ ᠶᠢ ᠨᠡᠮᠡᠭᠳᠡᠭᠦᠯᠵᠤ᠂ ᠰᠢᠩᠭᠡᠭᠡᠯᠲᠠ ᠪᠠᠷᠤᠬᠲᠠᠢ ᠪᠤᠯᠤᠨ᠎ᠠ᠃ ᠡᠬᠦᠨ ᠡᠴᠡ ᠭᠠᠳᠠᠨ᠎ᠠ᠂ ᠵᠡᠭᠡᠯᠢ ᠶᠢᠨ ᠬᠠᠵᠠᠭᠤ ᠪᠡᠷ ᠬᠤᠳᠠᠯᠳᠤᠵᠤ ᠪᠠᠶᠢᠭ᠎ᠠ ᠡᠯᠳᠡᠪ ᠵᠦᠢᠯ ᠤᠨ ᠥᠷᠯᠦᠬᠡᠨ ᠤ ᠬᠤᠭᠤᠯᠨ ᠠᠷᠢᠭᠤᠨ ᠴᠡᠪᠡᠷ ᠢ ᠪᠠᠲᠤᠯᠠᠵᠤ ᠴᠢᠳᠠᠬᠤ ᠦᠬᠡᠢ᠂ ᠲᠤᠭᠤᠰᠤ ᠰᠢᠷᠤᠢ᠂ ᠮᠠᠰᠢᠨ ᠲᠡᠷᠬᠡᠨ ᠤ ᠰᠡᠬᠦᠯ ᠤᠨ ᠬᠡᠶ ᠶᠢᠨ ᠨᠥᠯᠦᠭᠡ ᠵᠢᠴᠢ ᠬᠤᠪᠠᠨᠴᠢᠷ ᠤᠭᠤᠳᠠᠨ ᠳᠤ ᠴᠤ ᠬᠤᠤᠷᠲᠠᠢ ᠪᠦᠷᠢᠯᠳᠤᠬᠦᠨ ᠠᠭᠤᠯᠵᠤ ᠪᠤᠢ᠂ ᠬᠠᠮᠤᠭ ᠤᠨ ᠰᠠᠶᠢᠨ ᠨᠢ ᠥᠪᠡᠷ ᠢᠶᠡᠨ ᠬᠢᠵᠤ ᠬᠡᠷ ᠲᠤ ᠪᠡᠨ ᠢᠳᠡᠬᠦ ᠪᠤᠶᠤ ᠲᠤᠬᠲᠠᠮᠠᠯ ᠣᠷᠴᠢᠨ ᠳᠤ ᠢᠳᠡᠨ᠎ᠠ᠂ ᠬᠡᠷᠪᠡ ᠨᠦᠬᠦᠴᠡᠯ ᠦᠬᠡᠢ ᠪᠤᠯ ᠢᠳᠡᠭᠡᠮᠵᠢᠲᠠᠢ ᠢᠳᠡᠬᠡᠨ ᠤ ᠳᠡᠯᠭᠡᠭᠦᠷ ᠡᠴᠡ ᠬᠤᠳᠠᠯᠳᠤᠨ ᠠᠪᠤᠪᠠᠯ ᠰᠠᠶᠢᠨ᠃

ᠪᠤᠷᠴᠠᠭ ᠤᠨ ᠡᠭᠡᠳᠡᠮ ᠪᠠ ᠤᠷᠲᠤ ᠬᠠᠪᠰᠠᠢ ᠶᠢ ᠬᠠᠮᠲᠤ ᠢᠳᠡᠬᠦ

 ᠤᠷᠲᠤ ᠬᠤᠭᠤᠴᠠᠭ᠎ᠠ ᠪᠡᠷ ᠪᠤᠷᠴᠠᠭ ᠤᠨ ᠡᠭᠡᠳᠡᠮ ᠪᠠ ᠤᠷᠲᠤ ᠬᠠᠪᠰᠠᠢ ᠶᠢ ᠬᠠᠮᠲᠤ ᠢᠳᠡᠪᠡᠯ ᠡᠷᠡᠬᠦᠯ ᠮᠡᠨᠳᠤ ᠳᠤ ᠠᠰᠢᠬ ᠦᠬᠡᠢ᠂ ᠨᠢᠬᠡ ᠭᠠᠷᠠᠭ ᠲᠤ 2 ᠤᠳᠠᠭ᠎ᠠ  ᠡᠴᠡ ᠬᠡᠲᠤᠷᠡᠬᠦᠯᠬᠦ ᠦᠬᠡᠢ ᠪᠦᠭᠡᠳ ᠢᠳᠡᠭᠰᠡᠨ ᠲᠡᠷᠡ ᠡᠳᠦᠷ ᠤᠨ ᠦᠳᠡ ᠤᠷᠤᠢ ᠶᠢᠨ ᠬᠤᠭᠤᠯᠠᠨ ᠳᠤ ᠪᠠᠨ ᠬᠦᠩᠬᠡᠨ ᠢᠳᠡᠬᠡᠨ ᠢᠳᠡᠵᠦ ᠬᠦᠨᠡᠰᠦᠨ ᠤ ᠨᠤᠭᠤᠭ᠎ᠠ ᠢᠯᠡᠬᠦᠦ ᠨᠦᠬᠦᠪᠦᠷᠢᠯᠡᠬᠦ ᠶᠢ ᠠᠩᠬᠠᠷᠤᠨ᠎ᠠ᠃

 

 


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ