ᠴᠣᠯ ᠮᠢᠬ᠎ᠠ ᠪᠠᠷ ᠬᠤᠭᠤᠯᠠᠯᠠᠵᠤ ᠪᠤᠯᠬᠤ ᠤᠤ︖

ᠡᠳᠦᠷ ᠪᠦᠷᠢ ᠴᠣᠯ ᠮᠢᠬ᠎ᠠ ᠪᠠᠷ ᠬᠤᠭᠤᠯᠠᠯᠠᠪᠠᠯ ᠶᠠᠭᠠᠭᠢᠳᠠᠭ  ᠪᠤᠯ︖ ᠬᠡᠮᠡᠨ ᠨᠢᠭᠡᠨ  ᠵᠠᠯᠠᠭᠤ  ᠳᠤᠷᠰᠢᠯᠳᠠ  ᠬᠢᠵᠥ‌ ᠦᠵᠡᠯ᠎ᠡ᠃ ᠲᠡᠷᠡ ᠡᠳᠦᠷ ᠪᠦᠷᠢ ᠵᠦᠪᠬᠡᠨ ᠡᠯ᠎ᠡ ᠲᠦᠷᠥᠯ ᠤᠨ ᠮᠢᠬ᠎ᠠ ᠪᠠᠷ ᠯᠡ ᠬᠤᠭᠤᠯᠠᠯᠠᠵᠤ᠂ ᠨᠢᠭᠡ ᠰᠠᠷ᠎ᠠ  ᠶᠢᠨ ᠳᠠᠷᠠᠭ᠎ᠠ‌‍ ᠪᠡᠶ᠎ᠡ ᠶᠢᠨ ᠬᠦᠨᠳᠦ ᠨᠢ ᠬᠠᠷᠢᠨ 3.5 ᠺᠢᠯᠣᠭ᠍ᠷᠠᠮ ᠪᠠᠭᠤᠷᠠᠭᠰᠠᠨ ᠪᠠᠶᠢᠯ᠎ᠠ᠃

ᠡᠨᠡ ᠬᠦ ᠳᠤᠷᠰᠢᠯᠳᠠ ᠪᠠᠷ ᠵᠥᠪᠬᠡᠨ ᠬᠠᠷᠠᠰᠤ ᠬᠤᠭᠤᠯᠠ(素食) ᠢᠳᠡᠪᠡᠯ ᠳᠤᠷᠠᠳᠠᠭ ᠭᠡᠬᠦ ᠦᠵᠡᠯᠳᠡ  ᠵᠢ‌ᠨᠢᠴᠤᠭᠠᠵᠤ᠂ ᠵᠥᠪᠬᠡᠨ ᠮᠢᠬ᠎ᠠ ᠢᠳᠡᠭᠰᠡᠨ ᠴᠤ ᠪᠠᠰᠠ ᠳᠤᠷᠠᠳᠠᠭ  ᠶᠤᠮ  ᠪᠠᠶᠢᠨ᠎ᠠ  ᠭᠡᠰᠡᠨ  ᠰᠢᠨ᠎ᠡ ᠣᠶᠢᠯᠭᠠᠯᠳᠠ  ᠶᠢ  ᠪᠤᠢ‌‍ ᠪᠤᠯᠭᠠᠵᠠᠢ᠃

ᠳᠡᠭᠡᠪᠡᠯ ᠴᠣᠯ ᠮᠢᠬ᠎ᠠ ᠪᠠᠷ ᠬᠤᠭᠤᠯᠠᠯᠠᠬᠤ ᠳᠤ ᠶᠠᠭᠠᠬᠢᠭᠠᠳ ᠳᠤᠷᠠᠳᠠᠭ ᠪᠤᠢ ᠭᠡᠪᠡᠯ᠄

1. ᠬᠦᠮᠦᠰ ᠶᠡᠷᠥ  ᠨᠢ  ᠮᠢᠬᠠᠨ  ᠳᠤ  ᠮᠠᠰᠢ  ᠶᠡᠭᠡ  ᠬᠡᠮᠵᠢᠶᠡᠨ  ᠤ  ᠺᠠᠯᠤᠷᠢ ᠠᠭᠤᠯᠤᠭᠳᠠᠳᠠᠭ  ᠭᠡᠵᠥ  ᠪᠣᠷᠣᠭᠤ‌ ᠣᠶᠢᠯᠠᠭᠠᠳᠠᠭ᠂ ᠡᠭᠦᠨ ᠤ ᠡᠰᠡᠷᠭᠦ ᠪᠠᠷ᠂ ᠬᠠᠷ᠎ᠠ ᠮᠢᠬᠠᠨ ᠳᠤ  ᠠᠭᠤᠯᠤᠭᠳᠠᠬᠤ  ᠺᠠᠯᠤᠷᠢ  ᠶᠢᠨ  ᠬᠡᠮᠵᠢᠶ᠎ᠡ  ᠨᠢ  ᠵᠠᠷᠢᠮ ᠬᠠᠷᠠᠰᠤ‌ ᠬᠤᠭᠤᠯᠠᠨ ᠠᠴᠠ ᠴᠦ ᠳᠣᠣᠷ᠎ᠠ ᠪᠠᠶᠢᠳᠠᠭ᠃ ᠴᠠᠷᠳᠠᠭᠤᠯ ᠶᠡᠭᠡ ᠠᠭᠤᠯᠤᠭᠳᠠᠳᠠᠭ ᠢᠳᠡᠰᠢᠨ ᠨᠤᠭᠤᠭ᠎ᠠ ᠨᠢ ᠬᠦᠮᠥᠨ ᠤ  ᠪᠡᠶ᠎ᠡ  ᠳ᠋ᠥ‌ᠦᠭᠡᠬᠦ ᠬᠤᠷᠠᠮᠳᠤᠭᠤᠯᠵᠤ᠂ ᠪᠡᠶ᠎ᠡ ᠶᠢᠨ ᠬᠦᠨᠳᠦ ᠶᠢ ᠨᠡᠮᠡᠭᠳᠡᠭᠦᠯᠬᠦ ᠡᠷᠡᠰᠳᠡᠯ ᠲᠠᠢ᠂ ᠬᠠᠷᠢᠨ ᠴᠤᠯ ᠮᠢᠬ᠎ᠠ ᠪᠠᠷ  ᠬᠤᠭᠤᠯᠠᠯᠠᠬᠤ  ᠨᠢ‌ ᠡᠨᠡᠬᠦ ᠡᠷᠡᠰᠳᠡᠯ ᠠᠴᠠ ᠵᠠᠶᠢᠯᠠᠰᠬᠢᠵᠤ ᠪᠤᠯᠤᠨ᠎ᠠ᠃

2. ᠮᠢᠬᠠᠨ ᠳᠤ ᠠᠭᠤᠯᠤᠭᠳᠠᠬᠤ ᠤᠭᠤᠷᠠᠭ ᠨᠢ ᠪᠣᠳᠠᠰ ᠤᠨ ᠰᠣᠯᠢᠯᠴᠠᠭ᠎ᠠ ᠶᠢ ᠳᠦᠷᠭᠡᠳᠭᠡᠵᠥ᠂ ᠪᠡᠶ᠎ᠡ ᠶᠢᠨ ᠢᠯᠡᠭᠦᠴᠡ‌‍ ᠰᠢᠭᠢᠷ᠂ ᠦᠭᠡᠬᠦ ᠵᠡᠷᠭᠡ ᠶᠢ ᠵᠠᠳᠠᠷᠠᠭᠤᠯᠵᠤ ᠭᠠᠳᠠᠭᠰᠢᠭᠤᠯᠬᠤ  ᠴᠢᠳᠠᠪᠬᠢ  ᠲᠠᠢ  ᠪᠠᠶᠢᠳᠠᠭ᠃  ᠲᠡᠷᠡᠴᠢᠯᠡᠨ ᠮᠢᠬᠠᠨ  ᠳᠤ  ᠶᠡᠭᠡ‌‍ ᠬᠡᠮᠵᠢᠶᠡᠨ ᠤ ᠸᠢᠲ᠋ᠠᠮᠢᠨ B12 ᠠᠭᠤᠯᠤᠭᠳᠠᠬᠤ ᠠᠴᠠ ᠪᠣᠯᠵᠤ᠂ ᠦᠭᠡᠬᠦ ᠶᠢ ᠵᠠᠳᠠᠷᠠᠭᠤᠯᠬᠤ ᠳᠤ ᠨᠡᠩ  ᠰᠠᠶᠢᠨ  ᠦᠢᠯᠡᠴᠢᠯᠡᠳᠡᠭ‌‍ ᠶᠤᠮ᠃

3. ᠬᠠᠷᠠᠰᠤ ᠬᠤᠭᠤᠯᠠ ᠢᠳᠡᠪᠡᠯ ᠴᠠᠳᠬᠤ ᠦᠭᠡᠢ ᠪᠦᠭᠡᠳ ᠪᠠᠰᠠ ᠠᠮᠠᠷᠬᠠᠨ ᠰᠢᠩᠭᠡᠳᠡᠭ ᠪᠣᠯᠬᠤᠷ ᠬᠦᠮᠦᠰ ᠶᠡᠷᠥ ᠨᠢ‌‍ᠬᠡᠮᠵᠢᠶ᠎ᠡ ᠪᠠᠨ ᠮᠡᠳᠡᠬᠦ ᠦᠭᠡᠢ ᠶᠡᠭᠡ ᠢᠳᠡᠴᠢᠬᠡᠳᠡᠭ᠂ ᠬᠠᠷᠢᠨ ᠮᠢᠬ᠎ᠠ ᠲᠠᠢ ᠬᠤᠭᠤᠯᠠ ᠨᠢ ᠠᠮᠲᠠᠲᠠᠢ ᠪᠦᠭᠡᠳ ᠠᠮᠠᠷᠬᠠᠨ ᠴᠠᠳᠳᠠᠭ‌‍ ᠪᠣᠯᠬᠤᠷ ᠳᠡᠮᠡᠢ ᠶᠡᠭᠡ ᠢᠳᠡᠬᠦ ᠦᠭᠡᠢ ᠳᠤ ᠪᠣᠯᠴᠢᠬᠠᠳᠠᠭ᠃ᠭᠡᠬᠦ ᠳᠡᠭᠡᠨ ᠬᠡᠷᠪᠡ ᠵᠦᠪᠬᠡᠨ ᠮᠢᠬ᠎ᠠ ᠪᠠᠷ ᠯᠡ ᠬᠤᠭᠤᠯᠠᠯᠠᠭᠠᠳ ᠪᠠᠶᠢᠪᠠᠯ ᠪᠠᠰᠠ ᠡᠶᠢᠮᠦ ᠲᠡᠶᠢᠮᠦ ᠠᠰᠠᠭᠤᠳᠠᠯ  ᠢᠯᠡᠷᠡᠵᠦ‌ ᠮᠡᠳᠡᠨ᠎ᠡ᠂ ᠲᠤᠬᠠᠶᠢᠯᠠᠪᠠᠯ᠂ ᠶᠠᠭᠤᠨ ᠤ ᠡᠮᠦᠨ᠎ᠡ ᠮᠢᠬ᠎ᠠ  ᠠᠷᠪᠢᠨ  ᠢᠳᠡᠬᠦ  ᠨᠢ  ᠠᠮᠠ  ᠶᠢ  ᠦᠮᠡᠬᠡᠶᠢᠷᠡᠭᠦᠯᠳᠡᠭ᠂ ᠳᠠᠷᠠᠭᠠᠯᠠᠪᠠᠯ‌ᠤᠷᠭᠤᠮᠠᠯ ᠪᠣᠳᠠᠰ ᠤᠨ ᠰᠢᠮ᠎ᠡ ᠳᠡᠵᠢᠭᠡᠯ ᠳᠤᠳᠠᠭᠳᠠᠭᠰᠠᠨ ᠠᠴᠠ ᠬᠤᠷᠭᠤᠰᠤᠯᠠᠵᠤ᠂ ᠨᠡᠩ ᠴᠢᠨᠠᠭᠰᠢᠯᠠᠪᠠᠯ ᠤᠷᠳᠤ ᠬᠤᠭᠤᠴᠠᠭᠠᠨ ‍ᠤ‌‍ᠲ᠋ᠤᠷᠰᠢ ᠵᠦᠪᠬᠡᠨ ᠮᠢᠬ᠎ᠠ ᠪᠠᠷ ᠬᠤᠭᠤᠯᠠᠯᠠᠪᠠᠯ ᠪᠡᠶ᠎ᠡ ᠶᠢᠨ ᠳᠣᠳᠣᠭᠠᠳᠣ ᠴᠢᠳᠠᠪᠬᠢ ᠶᠢᠨ ᠲᠡᠩᠴᠡᠭᠦᠷᠢ ᠶᠢ ᠠᠯᠳᠠᠭᠤᠯᠵᠤ᠂ ᠦᠭᠡᠬᠦᠨ‌‍ᠤ ᠬᠡᠮᠵᠢᠶ᠎ᠡ ᠶᠢ ᠪᠠᠭᠠᠰᠬᠠᠬᠤ ᠶᠢᠨ ᠬᠠᠮᠳᠤ ᠪᠠᠰᠠ ᠪᠤᠯᠴᠢᠩ ᠰᠢᠷᠪᠤᠰᠤ ᠶᠢᠨ ᠥᠰᠦᠯᠲᠡ ᠶᠢ  ᠨᠦᠯᠦᠭᠡᠯᠡᠳᠡᠭ᠃ ᠡᠶᠢᠮᠥ  ᠪᠣᠯᠬᠤᠷ《ᠮᠢᠬ᠎ᠠ ᠢᠳᠡᠵᠥ ᠳᠤᠷᠠᠬᠤ ᠠᠷᠭ᠎ᠠ》 ᠶᠢ ᠰᠢᠨᠵᠢᠯᠡᠬᠦ ᠤᠬᠠᠭᠠᠨᠴᠢ ᠪᠠᠷ ᠦᠢᠯᠡᠳᠦᠯᠭᠡᠵᠢᠭᠦᠯᠬᠦ ᠶᠢ ᠠᠩᠬᠠᠷᠤᠭᠤᠯᠵᠤ᠂ ᠬᠤᠭᠤᠯᠠ‌ᠤᠮᠳᠠ ᠪᠠᠨ ᠳᠡᠩᠴᠡᠭᠦᠷᠢ ᠲᠠᠢ ᠪᠠᠶᠢᠯᠭᠠᠬᠤ ᠨᠢ ᠬᠠᠮᠤᠭ ᠤᠨ ᠰᠠᠶᠢᠨ ᠳᠤᠷᠠᠬᠤ ᠠᠷᠭ᠎ᠠ ᠭᠡᠳᠡᠭ ᠢ ᠠᠳᠡ ᠰᠠᠨᠠᠭᠤᠯᠤᠶ᠎ᠠ︕


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ