ᠣᠶᠢᠷ᠎ᠠ ᠳᠤ᠂ ᠠᠮᠧᠷᠢᠺᠠ ᠶᠢᠨ 《ᠰᠢᠨᠵᠢᠯᠡᠬᠦ ᠤᠬᠠᠭᠠᠨ ᠮᠡᠷᠭᠡᠵᠢᠯ ᠤᠨ ᠡᠳᠦᠷ ᠤᠨ ᠰᠣᠨᠢᠨ》  ᠤ  ᠰᠦᠯᠵᠢᠶ᠎ᠡ  ᠵᠢᠨ‌ᠨᠡᠶᠢᠲᠡᠯᠡᠭᠰᠡᠨ ᠮᠠᠷᠢᠯᠠᠨᠳ᠋ ᠶᠡᠭᠡ ᠰᠤᠷᠭᠠᠭᠤᠯᠢ ᠶᠢᠨ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ  ᠳᠡᠭᠡᠳᠦ ᠰᠤᠷᠭᠠᠭᠤᠯᠢ  ᠵᠢᠨ‌ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠡᠷᠡᠭᠦᠯ ᠴᠢᠭᠢᠷᠠᠭ ᠨᠠᠰᠤᠲᠠᠨ ᠨᠢᠭᠡ ᠤᠳᠠᠭ᠎ᠠ  ᠪᠡᠶ᠎ᠡ ᠪᠠᠨ  ᠪᠣᠯᠪᠠᠰᠤᠷᠠᠭᠤᠯᠪᠠᠯ᠂ᠲᠡᠳᠡᠨ ᠤ ᠶᠡᠭᠡ ᠲᠠᠷᠢᠬᠢᠨ ᠤ ᠪᠤᠴᠠᠯᠲᠠ ᠶᠢᠨ ᠵᠠᠮ ᠳᠤᠮᠳᠠᠬᠢ ᠴᠡᠭᠡᠵᠢᠯᠡᠯ ᠲᠠᠢ ᠬᠤᠯᠪᠣᠭᠳᠠᠬᠤ  ᠢᠳᠡᠪᠬᠢ  ᠴᠢᠨᠠᠷ  ᠨᠢ  ᠳᠠᠷᠤᠶ‌ᠨᠡᠮᠡᠭᠳᠡᠬᠦ ᠪᠣᠯᠤᠨ᠎ᠠ᠃ 

ᠬᠥᠮᠦᠨ ᠤ ᠲᠠᠷᠢᠬᠢᠨ ᠳᠠᠬᠢ ᠳᠠᠷᠢᠬᠢᠨ ᠭᠦᠩᠭᠦᠷ ᠤᠨ ᠳᠠᠯᠠᠩ ᠨᠢ ᠴᠡᠭᠡᠵᠢᠯᠡᠬᠦᠢ ᠶᠢ ᠬᠠᠮᠢᠶᠠᠷᠤᠨ ᠡᠵᠡᠮᠳᠡᠵᠦ᠂ ᠨᠠᠰᠤᠨ ‍ᠤ‌ᠨᠡᠮᠡᠭᠳᠡᠬᠦ ᠶᠢ ᠳᠠᠭᠠᠯᠳᠤᠨ ᠬᠠᠲᠠᠩᠭᠢᠷᠠᠨ ᠠᠪᠴᠢᠳᠠᠭ ᠠᠴᠠ ᠠᠯᠽᠾᠢᠮᠧᠷ  ᠡᠪᠡᠳᠴᠢᠨ  ᠤ  ᠬᠠᠮᠤᠭ ᠤᠷᠢᠳ ᠢᠶᠠᠷ ᠳᠠᠭᠠᠷᠢᠳᠠᠭ‌ ᠣᠷᠣᠨ ᠪᠣᠯᠬᠤ ᠶᠤᠮ᠃ ᠬᠥᠳᠡᠯᠭᠡᠭᠡᠨ ᠨᠢ ᠳᠠᠷᠢᠬᠢᠨ ᠭᠦᠩᠭᠦᠷ ᠤᠨ ᠳᠠᠯᠠᠩ ᠤᠨ ᠡᠵᠡᠯᠡᠬᠦᠨ ᠢ ᠨᠡᠮᠡᠭᠳᠡᠭᠦᠯᠵᠦ᠂  ᠴᠡᠭᠡᠵᠢᠯᠡᠬᠦᠢ ᠵᠢ‌ᠬᠠᠮᠠᠭᠠᠯᠠᠵᠤ ᠴᠢᠳᠠᠨ᠎ᠠ ᠭᠡᠳᠡᠭ ᠢ ᠭᠡᠷᠡᠴᠢᠯᠡᠬᠦ ᠭᠡᠷᠡᠴᠢ ᠪᠠᠷᠢᠮᠲᠠ ᠲᠠᠢ᠂ ᠮᠠᠷᠢᠯᠠᠨᠳ᠋ ᠶᠡᠭᠡ ᠰᠤᠷᠭᠠᠭᠤᠯᠢ ᠶᠢᠨ ᠰᠢᠨ᠎ᠡ ᠰᠤᠳᠤᠯᠤᠯ  ᠨᠢ‌ᠬᠠᠷᠢᠨ ᠭᠠᠭᠴᠠ  ᠤᠳᠠᠭᠠᠨ  ᠤ ᠬᠥᠳᠡᠯᠭᠡᠭᠡᠨ  ᠨᠢ  ᠴᠤ  ᠵᠣᠬᠢᠬᠤ  ᠦᠷ᠎ᠡ  ᠪᠦᠲᠦᠮᠵᠢ ᠳᠤ  ᠬᠦᠷᠴᠦ  ᠴᠢᠳᠠᠨ᠎ᠠ ᠭᠡᠳᠡᠭ  ᠢ ᠢᠯᠡᠷᠡᠭᠦᠯᠵᠡᠢ᠃

ᠰᠤᠳᠤᠯᠭᠠᠨ ᠤ ᠪᠦᠯᠬᠦᠮ ᠨᠢ ᠴᠢᠳᠠᠮᠵᠢᠲᠤ ᠰᠣᠷᠢᠨᠵᠢᠨ ᠳᠠᠷᠪᠢᠯᠲᠠ ᠪᠠᠷ ᠳᠦᠷᠰᠦ ᠪᠦᠲᠦᠭᠡᠬᠦ ᠮᠡᠷᠭᠡᠵᠢᠯ ᠢᠶᠠᠷ 55 ~ 85 ᠨᠠᠰᠤᠨ ᠤ ᠲᠤᠷᠰᠢᠯᠲᠠ ᠳᠤ ᠣᠷᠣᠯᠴᠠᠭᠰᠠᠨ 26 ᠬᠥᠮᠦᠨ ᠤ ᠶᠡᠭᠡ ᠲᠠᠷᠢᠬᠢᠨ ᠤ ᠢᠳᠡᠪᠬᠢ ᠴᠢᠨᠠᠷ ᠢ ᠬᠡᠮᠵᠢᠵᠦ᠂  ᠲᠡᠳᠡ‌ᠨᠠᠷ ᠠᠯᠳᠠᠷᠲᠤ ᠪᠠ ᠨᠡᠷ᠎ᠡ ᠦᠭᠡᠢ ᠨᠡᠷ᠎ᠡ ᠶᠢ ᠢᠯᠭᠠᠨ ᠲᠠᠨᠢᠬᠤ  ᠶᠢ  ᠪᠠᠭᠲᠠᠭᠠᠭᠰᠠᠨ  ᠨᠢᠭᠡ  ᠵᠦᠢᠯ  ᠤᠨ  ᠴᠡᠭᠡᠵᠢᠯᠡᠬᠦ ᠡᠭᠦᠷᠭᠡ‌‍ ᠭᠦ᠋ᠢᠴᠡᠳᠬᠡᠬᠦ ᠶᠢ ᠱᠠᠭᠠᠷᠳᠠᠵᠠᠶ᠃ ᠡᠨᠡ ᠬᠦ ᠴᠡᠭᠡᠵᠢᠯᠡᠬᠦ ᠴᠢᠳᠠᠪᠤᠷᠢ ᠶᠢᠨ ᠰᠢᠯᠭᠠᠯᠲᠠ ᠨᠢ ᠨᠢᠭᠡ ᠤᠳᠠᠭᠠᠨ ᠤ ᠳᠤᠮᠳᠠ ᠵᠡᠷᠭᠡ  ᠵᠢᠨ‌‍ᠬᠦ᠋ᠴᠦᠯᠡᠴᠡ ᠲᠠᠢ ᠬᠥᠳᠡᠯᠭᠡᠭᠡᠨ ᠤ ᠳᠠᠷᠠᠭ᠎ᠠ 30 ᠮᠢᠨᠦ᠋ᠲ ᠲᠤ ᠶᠠᠪᠤᠭᠳᠠᠵᠤ᠂ ᠬᠡᠰᠡᠭ ᠬᠤᠭᠤᠴᠠᠭ᠎ᠠ  ᠠᠮᠠᠷᠠᠭᠰᠠᠨ  ᠤ ᠳᠠᠷᠠᠭ᠎ᠠ‌‍ ᠲ᠋ᠠᠬᠢᠨ ᠶᠠᠪᠤᠭᠳᠠᠳᠠᠭ᠃ ᠦᠷ᠎ᠡ ᠳ᠋ᠦᠩ ᠠᠴᠠ ᠦᠵᠡᠪᠡᠯ᠂ ᠨᠢᠭᠡ ᠤᠳᠠᠭᠠᠨ ᠤ ᠬᠥᠳᠡᠯᠭᠡᠭᠡᠨ ᠬᠢᠭᠰᠡᠨ ᠤ ᠳᠠᠷᠠᠭ᠎ᠠ᠂ ᠲᠤᠷᠰᠢᠯᠲᠠ‌‍ᠳᠤ ᠣᠷᠣᠯᠴᠠᠭᠴᠢ ᠶᠢᠨ ᠶᠡᠭᠡ ᠲᠠᠷᠢᠬᠢᠨ ᠤ 4 ᠠᠷᠠᠰᠤᠨ ᠳᠠᠪᠬᠤᠷᠭ᠎ᠠ ᠶᠢᠨ ᠣᠷᠣᠨ (ᠮᠠᠩᠨᠠᠶ ᠶᠢᠨ ᠳᠤᠮᠳᠠ ᠲᠠᠯᠠᠩ᠂  ᠴᠢᠮᠠᠷᠬᠠᠶ‌‍ᠶᠢᠨ ᠳᠣᠣᠷ᠎ᠠ ᠲᠠᠯᠠᠩ᠂ ᠴᠢᠮᠠᠷᠬᠠᠶ ᠶᠢᠨ ᠳᠤᠮᠳᠠ ᠲᠠᠯᠠᠩ ᠪᠠ ᠤᠷᠬᠢᠴᠠᠯᠢᠭ ᠳᠠᠯᠠᠩ)  ᠤ  ᠢᠳᠡᠪᠬᠢᠵᠢᠯᠲᠡ  ᠶᠢᠨ  ᠬᠡᠮᠵᠢᠶ᠎ᠡ  ᠨᠢ‌ ᠢᠯᠡᠳᠲᠡ ᠨᠠᠩ ᠥᠨᠳᠥᠷ ᠪᠣᠯᠵᠤ᠂ ᠡᠭᠦᠨ ᠠᠴᠠ ᠭᠠᠳᠠᠨ᠎ᠠ᠂ ᠲᠡᠳᠡᠨ ᠤ ᠶᠡᠭᠡ ᠲᠠᠷᠢᠬᠢᠨ  ᠤ  ᠬᠤᠶᠠᠷ  ᠲᠠᠯ᠎ᠠ  ᠶᠢᠨ  ᠳᠠᠷᠢᠬᠢᠨ‌‍ᠭᠦ᠋ᠩᠭᠦᠷ ᠤᠨ ᠳᠠᠯᠠᠩ ᠤᠨ ᠢᠳᠡᠪᠬᠢ ᠴᠢᠨᠠᠷ ᠨᠢ ᠴᠦ ᠨᠡᠮᠡᠭᠳᠡᠭᠰᠡᠨ ᠪᠠᠶᠢᠨ᠎ᠠ᠃

《ᠤᠯᠠᠨ ᠤᠯᠤᠰ ᠤᠨ ᠮᠡᠳᠡᠷᠡᠯ ᠤᠨ ᠰᠡᠳᠬᠢᠴᠡ ᠵᠦᠢ ᠶᠢᠨ ᠨᠡᠶᠢᠭᠡᠮᠯᠢᠭ ᠤᠨ ᠰᠡᠳᠬᠦᠯ》 ᠳᠡᠭᠡᠷ᠎ᠡ ᠨᠡᠢᠲᠡᠯᠡᠭᠰᠡᠨ  ᠡᠨᠡ‌‍ᠬᠦ ᠰᠤᠳᠤᠯᠭᠠᠨ ᠤ ᠦᠵᠡᠬᠦ ᠪᠠᠷ᠂ ᠭᠠᠭᠴᠠ ᠤᠳᠠᠭᠠᠨ ᠤ ᠪᠣᠯᠪᠠᠰᠤᠷᠠᠯ ᠨᠢ ᠴᠤ ᠲᠠᠨᠢᠨ ᠮᠡᠳᠡᠬᠦᠢ ᠶᠢᠨ ᠮᠡᠳᠡᠷᠡᠯ ᠤᠨ ᠰᠦᠯᠵᠢᠶ᠎ᠡ‌‍ ᠶᠢ ᠥᠷᠭᠡᠳᠬᠡᠵᠦ᠂ ᠲᠡᠭᠦᠨ ᠤ ᠪᠦᠷᠢᠨ ᠪᠦᠲᠦᠨ ᠴᠢᠨᠠᠷ ᠪᠠ ᠴᠢᠳᠠᠮᠵᠢ ᠶᠢ ᠠᠬᠢᠭᠤᠯᠵᠤ᠂ ᠨᠠᠰᠤᠲᠠᠢᠴᠤᠳ  ᠤᠨ ᠴᠡᠭᠡᠵᠢᠯᠡᠬᠦ ᠴᠢᠳᠠᠪᠤᠷᠢ ᠶᠢ ᠨᠡᠮᠡᠭᠳᠡᠭᠦᠯᠦᠨ᠎ᠡ᠃


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ