ᠬᠥᠳᠡᠯᠭᠡᠭᠡᠨ ᠬᠢᠬᠦ ᠶᠢᠨ ᠰᠠᠶᠢᠨᠳᠠᠢ ᠲᠠᠯ᠎ᠠ ᠶᠢ ᠮᠠᠰᠢ ᠤᠯᠠᠨ ᠬᠥᠮᠥᠨ ᠪᠦᠷ ᠮᠡᠳᠡᠳᠡᠭ᠂ ᠭᠡᠪᠡᠴᠦ ᠬᠥᠳᠡᠯᠭᠡᠭᠡᠨᠲ᠋ᠤᠳᠠᠬᠳᠠᠬᠤ ᠶᠢᠨ ᠠᠶᠤᠯ ᠲᠦᠭᠰᠢᠭᠦᠷᠢ ᠶᠢ ᠣᠯᠠᠨ ᠢᠶᠠᠷ ᠢᠶᠠᠨ ᠶᠡᠷᠦᠨᠢ ᠭᠦᠢᠴᠡᠳ ᠬᠦᠨᠳᠦᠳᠬᠡᠬᠦ ᠦᠭᠡᠢ ᠪᠠᠶᠢᠳᠠᠭ᠃ ᠤᠶᠢᠷ᠎ᠠ ᠳᠤ᠂ᠠᠮᠧᠷᠢᠺᠠ ᠶᠢᠨ ᠺᠷᠢᠹᠯᠡᠨᠳ᠋ ᠡᠮᠨᠡᠯᠭᠡ ᠶᠢᠨ ᠭᠠᠵᠠᠷ ᠤᠨ ᠬᠢᠨ ᠰᠤᠳᠤᠯᠭᠠᠨ ᠳᠠᠭᠠᠨ᠂ ᠬᠥᠳᠡᠯᠭᠡᠭᠡᠨ ᠳᠤᠲᠠᠭᠳᠠᠬᠤ ᠨᠢ ᠲᠠᠮᠠᠬᠢ ᠲᠠᠲᠠᠬᠤ᠂ᠰᠢᠬᠢᠷ ᠰᠢᠵᠢᠩ ᠡᠪᠡᠳᠴᠢᠨ᠂ ᠵᠢᠷᠦᠬᠡᠨ ᠡᠪᠡᠳᠴᠢᠨ ᠠᠴᠠ ᠨᠡᠩ ᠢᠯᠡᠬᠦᠦ ᠡᠷᠡᠭᠦᠯ ᠮᠡᠨᠳᠦ ᠳᠤ ᠬᠤᠤᠷ ᠬᠥᠨᠥᠭᠡᠯ ᠲᠠᠢ ᠪᠠᠶᠢᠳᠠᠭ ᠭᠡᠵᠦ ᠬᠡᠯᠡᠪᠡ᠃
ᠲᠤᠰ ᠡᠮᠨᠡᠯᠭᠡ ᠶᠢᠨ ᠭᠠᠵᠠᠷ 1991 ᠣᠨ ᠤ 1 ᠰᠠᠷ᠎ᠠ ᠠᠴᠠ 2014 ᠣᠨ ᠤ 12 ᠰᠠᠷ᠎ᠠ ᠪᠣᠯᠲᠠᠯ᠎ᠠ 12 ᠲᠦᠮᠡᠨ ᠡᠪᠡᠳᠴᠢᠲᠡᠨ ᠳᠤ ᠭᠦᠶᠦᠬᠦ ᠮᠠᠰᠢᠨ ᠢᠶᠠᠷ ᠬᠥᠳᠡᠯᠭᠡᠭᠡᠨ ᠤ ᠲᠤᠷᠰᠢᠯᠲᠠ ᠬᠢᠵᠦ᠂ ᠬᠥᠳᠡᠯᠭᠡᠭᠡᠨ ᠤ ᠪᠣᠳᠠᠲᠤ ᠬᠢᠷᠢ ᠪᠦᠲᠦᠮᠵᠢ ᠪᠠᠷ ᠰᠠᠭᠤᠷᠢ ᠪᠣᠯᠭᠠᠨ᠂ ᠪᠡᠶ᠎ᠡ ᠪᠠᠨ ᠪᠣᠯᠪᠠᠰᠤᠷᠠᠬᠤ ᠪᠠ ᠡᠯ᠎ᠡ ᠵᠦᠢᠯ ᠤᠨ ᠦᠬᠦᠯ ᠤᠨ ᠠᠶᠤᠯ ᠲᠦᠭᠰᠢᠭᠦᠷᠢ ᠶᠢᠨ ᠬᠠᠷᠢᠴᠠᠭ᠎ᠠ ᠵᠢ ᠰᠤᠳᠤᠯᠵᠠᠶ᠃ ᠰᠤᠳᠤᠯᠭᠠᠨ ᠤ ᠦᠷ᠎ᠡ ᠳ᠋ᠦᠩ ᠳᠤ᠂ ᠭᠦᠶᠦᠯᠳᠡ ᠶᠢᠨ ᠬᠢᠷᠢ ᠪᠦᠲᠦᠮᠵᠢ ᠪᠠᠷ ᠠᠨᠠᠶ ᠡᠪᠡᠳᠴᠢᠲᠡᠨ ᠨᠢ ᠪᠥᠭᠡᠷᠡᠨ ᠤ ᠠᠵᠢᠯᠯᠠᠭ᠎ᠠ ᠪᠦᠷᠢᠨ ᠪᠤᠰᠤ ᠡᠪᠡᠳᠴᠢᠳᠡᠨ ᠢ ᠪᠤᠳᠤᠪᠠᠯ ᠦᠬᠦᠬᠦ ᠠᠶᠤᠯ ᠢᠶᠠᠷ ᠪᠠᠷᠤᠭ 2 ᠳᠠᠬᠢᠨ ᠥᠨᠳᠥᠷ ᠪᠠᠶᠢᠳᠠᠭ︔ ᠬᠥᠳᠡᠯᠭᠡᠭᠡᠨ ᠪᠠᠭ᠎ᠠ ᠬᠢᠳᠡᠭ ᠬᠦᠮᠦᠨ ᠨᠢ ᠬᠥᠳᠡᠯᠭᠡᠭᠡᠨ ᠰᠠᠶᠢᠨ ᠬᠢᠳᠡᠭ ᠬᠦᠮᠦᠨ ᠢ ᠪᠤᠳᠤᠪᠠᠯ ᠦᠬᠦᠬᠦ ᠠᠶᠤᠯ ᠢᠶᠠᠷ 6 ᠳᠠᠬᠢᠨ ᠦᠨᠳᠦᠷ ᠪᠠᠶᠢᠳᠠᠭ ᠢ ᠢᠯᠡᠷᠡᠬᠦᠯᠵᠡᠢ᠃
ᠰᠤᠳᠤᠯᠭᠠᠨ ᠳᠤ ᠪᠠᠰᠠ ᠬᠥᠳᠡᠯᠭᠡᠭᠡᠨ ᠲᠤᠳᠠᠬᠳᠠᠬᠤ ᠨᠢ ᠲᠠᠮᠠᠬᠢ ᠲᠠᠲᠠᠬᠤ᠂ ᠰᠢᠬᠢᠷ ᠰᠢᠵᠢᠩ ᠡᠪᠡᠳᠴᠢᠨ᠂ ᠵᠢᠷᠦᠬᠡᠨᠡᠪᠡᠳᠴᠢᠨ ᠠᠴᠠ ᠬᠤᠯᠠ ᠠᠶᠤᠯ ᠲᠠᠢ ᠬᠡᠳᠡᠭ ᠢ ᠢᠯᠡᠷᠡᠬᠦᠯᠪᠡ᠃ ᠬᠥᠳᠡᠯᠭᠡᠭᠡᠨ ᠬᠢᠬᠦ ᠨᠢ ᠡᠷᠡᠭᠦᠯ ᠪᠤᠰᠤ ᠠᠮᠢᠳᠤᠷᠠᠯ ᠤᠨ ᠵᠠᠩ ᠲ᠋ᠠᠳᠬᠠᠯ ᠠᠴᠠ ᠪᠣᠯᠤᠭᠰᠠᠨ ᠨᠥᠯᠥᠭᠡ ᠶᠢ ᠬᠦᠷᠲᠡᠯ᠎ᠡ ᠠᠷᠢᠯᠭᠠᠵᠤ ᠴᠢᠳᠠᠬᠤ ᠰᠠᠶᠢᠨᠳᠠᠢ ᠲᠠᠯ᠎ᠠ ᠲᠠᠢ ᠪᠤᠯᠬᠤᠷ ᠵᠠᠪᠠᠯ ᠪᠡᠶ᠎ᠡ ᠪᠠᠨᠪᠣᠯᠪᠠᠰᠤᠷᠠᠬᠤ ᠬᠡᠷᠡᠭᠳᠡᠢ ᠬᠡᠵᠦ ᠰᠢᠨᠵᠢᠯᠡᠬᠦ ᠤᠬᠠᠭᠠᠠᠳᠠᠳ ᠤᠷᠢᠶᠠᠯᠠᠵᠤ ᠪᠠᠶᠢᠨ᠎ᠠ᠃ ᠡᠭᠦᠨ ᠠᠴᠠ ᠭᠠᠳᠠᠨ᠎ᠠ᠂ ᠰᠤᠳᠤᠯᠭᠠᠨ ᠳᠤ ᠪᠠᠰᠠᠬᠥ᠋ᠳᠡᠯᠭᠡᠭᠡᠨ ᠬᠢᠬᠦ ᠨᠢ ᠡᠷᠡᠭᠲᠡᠶ ᠡᠮᠡᠭᠲᠡᠶ ᠭᠡᠵᠦ ᠢᠯᠭᠠᠯ ᠥᠬᠡᠶ᠂ ᠡᠯ᠎ᠡ ᠨᠠᠰᠤᠨ ᠤ ᠬᠦᠮᠦᠰ ᠲᠤ ᠲᠤᠬᠢᠷᠠᠬᠤ ᠰᠠᠶᠢᠨᠳᠠᠢ ᠲᠠᠯ᠎ᠠ ᠲᠠᠢᠪᠤᠯᠬᠤᠷ ᠥᠨᠳᠥᠷ ᠨᠠᠰᠤᠨ ᠤ ᠬᠥᠮᠦᠰ ᠬᠥᠳᠡᠯᠭᠡᠭᠡᠨ ᠬᠢᠭᠰᠡᠨ ᠴᠦ ᠠᠳᠠᠯᠢᠬᠠᠨ ᠠᠰᠢᠭ ᠬᠦᠷᠲᠡᠨ᠎ᠡ ᠬᠡᠵᠦ ᠰᠠᠨᠠᠭᠤᠯᠵᠠᠢ᠃
ᠢᠷᠡᠯᠳᠡ :
ᠠᠷᠠᠳ ᠤᠨ ᠰᠦᠯᠵᠢᠶ᠎ᠡ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ