ᠨᠠᠶᠢᠷᠠᠭᠤᠯᠤᠭᠴᠢ ᠶᠢᠨ ᠦᠭᠡ᠄ ᠠᠮᠢᠳᠤᠷᠠᠯ ᠤᠨ ᠲᠦᠪᠰᠢᠨ ᠳᠡᠭᠡᠭᠰᠢᠯᠡᠬᠦ ᠶᠢ ᠳᠠᠭᠠᠯᠳᠤᠨ᠂  ᠡᠷᠡᠭᠦᠯ  ᠮᠡᠨᠳᠦ ᠨᠢ  ᠮᠠᠨ ‍ᠤ‌ᠬᠠᠮᠤᠭ ᠠᠴᠠ ᠢᠯᠡᠭᠦᠤ ᠠᠩᠬᠠᠷᠬᠤ ᠰᠡᠳᠦᠪ ᠪᠣᠯᠤᠬᠰᠠᠨ ᠪᠠᠶᠢᠨ᠎ᠠ᠃ ᠡᠷᠡᠭᠦᠯ ᠢᠳᠡᠭᠡᠨ ᠭᠡᠭᠴᠢ ᠶᠠᠭᠤ ᠪᠤᠢ︖ ᠠᠮᠢᠳᠤᠷᠠᠯ ᠤᠨ ᠳᠤᠮᠳᠠ‌ᠡᠪᠡᠳᠴᠢᠨ ᠤᠯᠬᠤ ᠠᠴᠠ ᠬᠡᠷᠬᠢᠨ ᠰᠡᠷᠭᠡᠶᠢᠯᠡᠬᠦ ᠪᠤᠢ︖ ᠬᠡᠳᠡᠭ ᠨᠢ  ᠴᠦᠮ  ᠣᠯᠠᠨ ᠤ  ᠠᠩᠬᠠᠷᠤᠯ ᠤᠨ  ᠲᠦᠪᠯᠡᠷᠡᠯ  ᠪᠣᠯᠵᠠᠶ᠃ᠠᠷᠠᠳ ᠤᠨ ᠡᠷᠡᠭᠦᠯ ᠮᠡᠨᠳᠦ ᠶᠢᠨ ᠰᠦᠯᠵᠢᠶ᠎ᠡ ᠨᠢ 《 ᠶᠢᠨ ᠲᠠᠢ ᠨᠡᠷᠡᠮᠵᠢᠳᠦ ᠪᠡᠶ᠎ᠡ ᠰᠤᠪᠢᠯᠠᠬᠤ》 ᠪᠤᠯᠤᠩ ᠭᠠᠷᠭᠠᠵᠤ᠂ ᠲᠠ ᠤᠯᠠᠨ ᠳ᠋ᠤ᠋‌‍ᠪᠡᠶ᠎ᠡ  ᠰᠤᠪᠢᠯᠠᠬᠤ ᠠᠮᠢᠳᠤᠷᠠᠯ ᠤᠨ  ᠠᠷᠭ᠎ᠠ  ᠬᠡᠯᠪᠡᠷᠢ ᠶᠢᠨ  ᠲᠤᠬᠠᠢ  ᠵᠦᠪᠯᠡᠯᠭᠡ  ᠦᠭᠬᠦ ᠪᠠᠷ ᠲᠠᠨᠠᠷ ᠢ  ᠡᠷᠡᠭᠦᠯ  ᠮᠡᠨᠳᠦ ᠵᠢᠨ‌‍ᠬᠦ᠋ᠷᠢᠶᠡᠯᠡᠩ ᠳᠡᠭᠡᠨ ᠵᠠᠯᠠᠵᠤ ᠪᠠᠶᠢᠨ᠎ᠠ᠃                


60 ᠰᠢᠬᠠᠵᠤ ᠪᠠᠶᠢᠭ᠎ᠠ ᠬᠦᠮᠦᠰ ᠡᠷᠡᠭᠦᠯ ᠮᠡᠨᠳᠦ ᠶᠢᠨ ᠠᠷᠪᠠᠨ ᠳᠠᠳᠬᠠᠯ ᠢ ᠪᠤᠢ ᠪᠤᠯᠭᠠᠬᠤ ᠬᠡᠷᠡᠭᠳᠡᠢ        

ᠠᠮᠧᠷᠢᠺᠠ ᠶᠢᠨ ᠪᠠᠷᠠᠭᠤᠨ ᠸᠢᠷᠬᠢᠨᠢᠶ᠎ᠠ ᠶᠡᠭᠡ ᠰᠤᠷᠭᠠᠭᠤᠯᠢ ᠶᠢᠨ ᠭᠡᠷ ᠪᠦᠯᠢ ᠶᠢᠨ ᠠᠨᠠᠭᠠᠬᠤ  ᠤᠬᠠᠭᠠᠨ ᠤ  ᠰᠠᠯᠪᠤᠷᠢ ᠵᠢᠨ‌ᠡᠷᠬᠢᠯᠡᠭᠴᠢ ᠳ᠋ᠠᠨᠠ • ᠶᠢᠨ ᠫᠷᠣᠹᠧᠰᠰᠣᠷ ᠰᠠᠨᠠᠭᠤᠯᠵᠤ ᠬᠡᠯᠡᠬᠦ ᠳᠡᠭᠡᠨ᠂ 60 ᠰᠢᠬᠠᠵᠦ ᠪᠠᠶᠢᠭ᠎ᠠ ᠬᠦᠮᠦᠰ  10 ᠳᠠᠳᠬᠠᠯ ᠢ  ᠪᠤᠢ‌‍ ᠪᠤᠯᠭᠠᠵᠤ᠂ ᠡᠷᠡᠭᠦᠯ ᠮᠡᠨᠳᠦ ᠪᠠᠷ ᠥᠳᠡᠯᠦᠭᠡ ᠨᠠᠰᠤᠨ ᠳᠠᠭᠠᠨ ᠤᠷᠤᠬᠤ ᠪᠡᠯᠡᠳᠭᠡᠯ ᠢ ᠰᠠᠶᠢᠳᠤᠷ ᠬᠢᠭᠡᠷᠡᠢ ᠭᠡᠵᠡᠶ᠃

  1. ᠴᠢᠨᠠᠷ ᠰᠠᠶᠢᠳᠠᠢ ᠲᠠᠮᠢᠷ ᠤᠨ ᠱᠠᠬᠠᠶ ᠬᠤᠳᠠᠯᠳᠤᠨ ᠠᠪᠤᠭᠠᠷᠠᠢ᠃ ᠠᠮᠧᠷᠢᠺᠠ ᠶᠢᠨ《ᠨᠠᠰᠤᠳᠠᠶᠢᠴᠤᠳ ᠢ  ᠠᠰᠠᠷᠠᠵᠤ‌‍ ᠰᠤᠪᠢᠯᠠᠬᠤ》 ᠰᠦᠯᠵᠢᠶᠡᠨ  ᠥᠷᠲᠡᠭᠡ ᠶᠢ  ᠡᠭᠦᠰᠭᠡᠨ  ᠪᠠᠶᠢᠭᠤᠯᠤᠭᠴᠢ  ᠺᠠᠷᠣᠯᠢᠨ   ᠷᠤᠰᠪᠦᠯᠠᠲ ᠠᠴᠠ᠂ ᠨᠠᠰᠤᠳᠠᠶᠢᠴᠤᠳ ‍ᠤᠨ‌‍ᠬᠥ᠋ᠳᠡᠯᠭᠡᠭᠡᠨ ᠨᠢ ᠤᠷᠢᠳ ᠢᠶᠠᠷ ᠠᠯᠬᠤᠬᠤ ᠠᠴᠠ ᠡᠬᠢᠯᠡᠵᠦ  ᠪᠣᠯᠤᠨ᠎ᠠ᠂  ᠬᠥᠳᠡᠯᠭᠡᠭᠡᠨ  ᠬᠢᠬᠦ ᠠᠴᠠ ᠪᠠᠨ  ᠡᠮᠦᠨ᠎ᠡ ᠠᠯᠬᠤᠬᠤ ᠳᠦ ᠵᠤᠷᠢᠭᠤᠯᠤᠨ ᠬᠢᠭᠰᠡᠨ ᠲᠠᠮᠢᠷ ᠤᠨ ᠱᠠᠬᠠᠢ ᠲᠤᠰᠬᠠᠢᠢᠯᠠᠨ ᠬᠤᠳᠠᠯᠳᠤᠨ  ᠠᠪᠤᠪᠠᠯ  ᠬᠠᠮᠤᠭ  ᠰᠠᠶᠢᠨ  ᠶᠤᠮ᠃  ᠡᠩ ᠤᠨ  ᠦᠶ᠎ᠡ ᠳ᠋ᠤ᠋‌‍ᠲ᠋ᠠᠮᠢᠷ ᠤᠨ ᠱᠠᠬᠠᠶ ᠪᠠᠨ ᠭᠡᠷ ᠤᠨ ᠡᠭᠦᠳᠡᠨ ᠳᠡᠭᠡᠨ ᠲᠠᠯᠪᠢᠵᠤ᠂ ᠥᠪᠡᠷ ᠤᠨ ᠪᠡᠶ᠎ᠡ ᠳᠡᠭᠡᠨ ᠦᠷᠭᠦᠯᠵᠢ ᠬᠥᠳᠡᠯᠭᠡᠭᠡᠨ ᠬᠢᠬᠦ  ᠬᠡᠷᠡᠭᠲᠡᠶ‌‍ᠭᠡᠵᠦ ᠰᠠᠨᠠᠭᠤᠯᠵᠦ ᠪᠠᠶᠢᠭᠠᠷᠠᠢ᠃  

    2. ᠪᠡᠶ᠎ᠡ ᠪᠠᠨ  ᠲᠡᠩᠴᠡᠭᠦᠷᠢᠰᠢᠬᠦᠯᠬᠦ  ᠴᠢᠳᠠᠪᠤᠷᠢ ᠪᠠᠨ  ᠪᠣᠯᠪᠠᠰᠤᠷᠠᠭᠤᠯᠵᠤ᠂ ᠣᠶᠢᠴᠢᠵᠤ  ᠲᠤᠰᠬᠤ ᠠᠴᠠ  ᠬᠢᠴᠢᠶᠡᠬᠦ ᠬᠡᠷᠡᠭᠳᠡᠢ᠃ ᠣᠶᠢᠴᠢᠬᠤ ᠲᠤᠰᠬᠤ ᠠᠴᠠ ᠬᠢᠴᠢᠶᠡᠬᠦ ᠬᠠᠮᠤᠭ ᠰᠠᠶᠢᠨ ᠠᠷᠭ᠎ᠠ  ᠪᠣᠯ  ᠳᠠᠷᠤᠶ  ᠲᠡᠩᠴᠡᠭᠦᠷᠢ ᠶᠢᠨ  ᠰᠡᠷᠡᠭᠳᠡᠯ ᠰᠠᠶᠢᠳᠠᠢ‌‍ ᠪᠠᠶᠢᠬᠤ ᠶᠠᠪᠤᠳᠠᠯ ᠪᠣᠯᠤᠨ᠎ᠠ᠃

    3 . ᠥᠷᠯᠥᠭᠡ ᠶᠢᠨ ᠬᠤᠭᠤᠯᠠ ᠪᠠᠨ ᠰᠠᠶᠢᠨ ᠢᠳᠡᠵᠦ᠂ ᠰᠢᠮ᠎ᠡ  ᠲᠡᠵᠢᠭᠡᠯ ᠢ ᠠᠩᠬᠠᠷᠬᠤ  ᠬᠡᠷᠡᠭᠳᠡᠢ᠃  ᠠᠵᠢᠯ ᠳ᠋ᠠᠭᠠᠨ‌ᠭᠠᠷᠬᠤ ᠳᠤ ᠥᠷᠯᠥᠭᠡ ᠶᠢᠨ ᠴᠠᠭ ᠲᠤᠯᠭᠠᠮ᠎ᠠ ᠪᠠᠶᠢᠳᠠᠬ ᠠᠴᠠ ᠴᠥᠭᠡᠨ ᠪᠤᠰᠤ ᠬᠥᠮᠥᠨ ᠦᠷᠭᠦᠯᠵᠢ ᠥᠷᠯᠥᠭᠡ ᠶᠢᠨ ᠬᠤᠭᠤᠯᠠ ᠪᠠᠨ‌ ᠡᠪᠯᠡᠭᠦᠯᠦᠨ ᠢᠳᠡᠳᠡᠭ᠂ ᠨᠠᠰᠤᠨ ᠤ ᠠᠮᠠᠷᠠᠯᠲᠠ ᠪᠠᠨ ᠠᠪᠤᠭᠰᠠᠨ ᠤ ᠳᠠᠷᠠᠭ᠎ᠠ ᠬᠦᠷᠦᠯᠴᠡᠭᠦᠶᠢᠴᠡ ᠴᠠᠭ ᠲᠠᠢ ᠪᠤᠯᠤᠬᠰᠠᠨ ᠪᠤᠯᠬᠤᠷ ᠰᠢᠮ᠎ᠡ‌‍ᠲ᠋ᠡᠵᠢᠭᠡᠯ ᠲᠠᠢ ᠥᠷᠯᠥᠭᠡ ᠶᠢᠨ ᠬᠤᠭᠤᠯᠠ ᠢᠳᠡᠬᠦ ᠶᠢ ᠠᠩᠬᠠᠷᠤᠭᠠᠷᠠᠢ᠃ ᠰᠢᠨ᠎ᠡ ᠰᠣᠷᠭᠤᠭ  ᠵᠢᠮᠢᠰ ᠤᠨ  ᠵᠦᠢᠯ ᠢ  ᠢᠯᠡᠬᠦᠦ  ᠢᠳᠡᠬᠦᠪᠤᠶᠤ  ᠥᠪᠡᠷ ᠢᠶᠠᠨ ᠨᠣᠭᠤᠭ᠎ᠠ  ᠵᠢᠮᠢᠰ ᠤᠨ  ᠰᠢᠭᠦᠰᠦ  ᠰᠢᠬᠠᠨ  ᠤᠤᠭᠤᠵᠤ᠂ ᠸᠢᠲ᠋ᠠᠮᠢᠨ᠂ ᠡᠷᠦᠳᠡᠰᠦ  ᠪᠣᠯᠤᠨ  ᠢᠳᠡᠭᠡᠨ ‍ᠤ‌‍ᠰᠢᠷᠬᠡᠭᠯᠢᠭ ᠤᠨ ᠬᠡᠮᠵᠢᠶ᠎ᠡ ᠪᠠᠨ ᠨᠡᠮᠡᠭᠳᠡᠭᠦᠯᠵᠦ ᠪᠠᠶᠢᠭᠠᠷᠠᠢ᠃ ᠥᠷᠯᠥᠭᠡ ᠶᠢᠨ ᠬᠤᠭᠤᠯᠠᠨ ᠳᠤ ᠪᠠᠰᠠ ᠤᠭᠤᠷᠠᠭ ᠠᠭᠤᠯᠤᠬᠳᠠᠬᠤ‌ ᠢᠳᠡᠭᠡᠨ ᠢᠯᠡᠬᠦᠦ ᠢᠳᠡᠬᠦ ᠶᠢ ᠠᠩᠬᠠᠷᠴᠦ᠂ ᠦᠨᠢᠶᠡᠨ ᠰᠦ᠂ ᠪᠤᠷᠴᠠᠭ ᠤᠨ ᠡᠭᠡᠳᠡᠩ᠂ ᠤᠷᠭᠤᠮᠠᠯ ᠤᠨ ᠰᠦ ᠶᠢᠨ ᠳᠣᠲᠣᠷ᠎ᠠ ᠵᠣᠬᠢᠬᠤ‌‍ ᠬᠡᠮᠵᠢᠶᠡᠨ ᠤ ᠤᠭᠤᠷᠠᠭ ᠤᠨ ᠨᠤᠨᠲᠠᠭ ᠨᠡᠮᠡᠵᠦ ᠤᠤᠭᠤᠵᠤ ᠪᠣᠯᠤᠨ᠎ᠠ᠃ ᠡᠩ ᠤᠨ ᠦᠶ᠎ᠡ ᠳᠡᠭᠡᠨ ᠳᠠᠪᠤᠰᠤ᠂ ᠰᠢᠬᠢᠷ  ᠪᠣᠯᠤᠨ  ᠥᠭᠡᠬᠦ ᠶᠡᠬᠡᠳᠡᠢ ᠢᠳᠡᠭᠡᠨ ᠢᠳᠡᠬᠦ ᠶᠢ ᠰᠠᠶᠢᠳᠤᠷ ᠬᠢᠴᠢᠶᠡᠵᠦ᠂ ᠰᠢᠬᠢᠷᠯᠢᠭ ᠢᠳᠡᠭᠡᠨ ᠪᠠᠭ᠎ᠠ ᠢᠳᠡᠵᠦ᠂ ᠰᠢᠬᠢᠷ ᠦᠯᠦ ᠠᠭᠤᠯᠤᠬᠳᠠᠬᠤ  ᠰᠦᠳᠡ‌ᠤᠰᠤ ᠪᠠᠷ ᠰᠢᠬᠢᠷᠯᠢᠭ ᠠᠮᠳᠠᠳᠠᠢ ᠨᠡᠭᠦᠷᠡᠰᠦ ᠬᠦᠴᠢᠯ ᠤᠨ ᠤᠮᠳᠠᠭᠠᠨ ᠢ ᠣᠷᠣᠯᠠᠭᠤᠯᠬᠤ ᠬᠡᠷᠡᠭᠲᠡᠶ᠃        

    4 . ᠭᠦᠨ ᠰᠡᠳᠬᠢᠬᠦ ᠶᠢ ᠪᠣᠯᠪᠠᠰᠤᠷᠠᠵᠤ᠂ ᠳᠠᠷᠤᠯᠲᠠ ᠪᠠᠨ ᠬᠦᠡᠭᠭᠡᠷᠡᠬᠦᠯᠬᠦ ᠶᠢ ᠰᠤᠷᠬᠤ ᠬᠡᠷᠡᠭᠳᠡᠢ᠃ ᠢᠳᠡᠷ  ᠥᠲᠡᠯᠦᠭᠡ‌ ᠨᠠᠰᠤᠨ ᠤ ᠬᠥᠮᠦᠰ ᠬᠡᠲᠦᠷᠡᠲᠡᠯ᠎ᠡ ᠢᠳᠡᠵᠦ ᠤᠤᠭᠤᠬᠤ᠂ ᠲᠠᠮᠠᠬᠢ ᠲᠠᠲᠠᠬᠤ᠂ ᠠᠷᠢᠬᠢ ᠤᠤᠭᠤᠬᠤ ᠵᠡᠷᠭᠡ ᠡᠷᠡᠭᠦᠯ ᠪᠤᠰᠤ ᠠᠮᠢᠳᠤᠷᠠᠯ ‍ᠤᠨ‌ ᠠᠷᠭ᠎ᠠ ᠮᠠᠶ᠋ᠢᠭ ᠢ ᠡᠳ᠋ᠯᠡᠵᠦ ᠳᠠᠷᠤᠯᠳᠠ ᠪᠠᠨ  ᠬᠦᠡᠭᠭᠡᠷᠡᠬᠦᠯᠵᠦ  ᠶᠠᠭᠠᠬᠢᠬᠰᠠᠨ  ᠴᠦ  ᠪᠣᠯᠬᠤ  ᠦᠭᠡᠢ᠂  ᠥᠪᠡᠷ ᠤᠨ  ᠪᠡᠶ᠎ᠡ ᠳ᠋ᠡᠭᠡᠨ‌‍ᠲ᠋ᠣᠬᠢᠷᠠᠭᠰᠠᠨ ᠲᠠᠷᠤᠯᠳᠠ ᠪᠠᠨ ᠬᠦᠡᠭᠭᠡᠷᠡᠬᠦᠯᠬᠦ ᠡᠷᠡᠭᠦᠯ ᠮᠡᠨᠳᠦ ᠶᠢᠨ ᠠᠷᠭ᠎ᠠ ᠶᠢ ᠡᠷᠢᠵᠦ ᠣᠯᠬᠤ ᠬᠡᠷᠡᠭᠲᠡᠶ᠃        

    5.  ᠬᠦᠴᠦ  ᠲᠠᠮᠢᠷ ᠢᠶᠠᠨ  ᠴᠢᠩᠭᠠᠯᠠᠬᠤ  ᠪᠣᠯᠪᠠᠰᠤᠷᠠᠯ  ᠬᠢᠵᠦ᠂   ᠪᠤᠯᠴᠢᠩ   ᠰᠢᠷᠪᠤᠰᠦ ᠪᠠᠨ ᠪᠣᠯᠪᠠᠰᠤᠷᠠᠭᠤᠯᠤᠨ‌‍ ᠴᠢᠩᠭᠠᠷᠠᠭᠤᠯᠬᠤ ᠬᠡᠷᠡᠭᠳᠡᠢ᠃ ᠦᠷᠭᠦᠯᠵᠢ ᠬᠦᠴᠦ ᠲᠠᠮᠢᠷ ᠢᠶᠠᠨ ᠴᠢᠩᠭᠠᠯᠠᠬᠤ ᠪᠣᠯᠪᠠᠰᠤᠷᠠᠯ ᠬᠢᠬᠦ ᠬᠡᠷᠡᠭᠳᠡᠢ᠃ ᠵᠢᠱᠢᠶᠡᠯᠡᠪᠡᠯ ᠪᠡᠶ᠎ᠡ ᠵᠢᠨ‌‍ᠬᠦ᠋ᠨᠳᠦᠴᠡ ᠳᠡᠭᠡᠨ ᠲᠤᠬᠢᠷᠠᠭᠤᠯᠤᠨ ᠡᠷᠭᠦᠭᠦᠯ ᠲᠡᠮᠦᠷ᠂ ᠲᠦᠯᠡᠢ ᠲᠡᠮᠦᠷ ᠡᠷᠬᠦᠬᠦᠯ (ᠶᠠᠯᠢᠩ)᠂ ᠪᠤᠯᠪᠠᠰᠤᠷᠠᠯ ᠤᠨ  ᠬᠠᠮ  ᠪᠠᠭᠠᠵᠢ ᠪᠠᠷ‌‍ᠬᠦ᠋ᠴᠦ ᠲᠠᠮᠢᠷ ᠢᠶᠠᠨ ᠪᠤᠯᠪᠠᠰᠤᠷᠠᠭᠤᠯᠪᠡᠯ ᠪᠤᠯᠴᠢᠩ ᠰᠢᠷᠪᠤᠰᠤ ᠪᠠᠨ ᠴᠢᠩᠭᠠᠯᠠᠬᠤ ᠳᠤ ᠲᠤᠰᠠᠳᠠᠢ ᠶᠤᠮ᠃    

    6 . ᠭᠠᠵᠠᠷ ᠤᠨ ᠭᠠᠳᠠᠷᠭᠤ ᠲᠠᠢ ᠣᠶᠢᠷᠠᠳᠬᠤ ᠪᠣᠯᠪᠠᠰᠤᠷᠠᠯ ᠢ ᠢᠯᠡᠭᠦᠬᠡᠨ ᠬᠢᠬᠦ ᠬᠡᠷᠡᠭᠲᠡᠶ᠃  ᠨᠠᠰᠤᠲᠠᠶᠢᠴᠤᠳ  ᠭᠠᠵᠠᠷ‌‍ ᠲ᠋ᠡᠭᠡᠷ᠎ᠡ ᠦᠷᠭᠦᠯᠵᠢ 《ᠰᠥᠭᠦᠳᠬᠦ — ᠰᠠᠭᠤᠬᠤ — ᠪᠣᠰᠴᠤ ᠵᠣᠭᠰᠣᠬᠤ》 ᠬᠦᠳᠡᠯᠭᠡᠭᠡᠨ ᠢ  ᠬᠢᠪᠡᠯ  ᠬᠥᠯ ᠤᠨ  ᠪᠤᠯᠴᠢᠩ ‍ᠤᠨ‌‍ᠬᠦ᠋ᠴᠦ ᠪᠠ ᠦᠶ᠎ᠡ ᠭᠡᠰᠢᠬᠦᠦ ᠶᠢᠨ ᠤᠶᠠᠨ ᠬᠠᠲᠠᠨ ᠴᠢᠨᠠᠷ ᠢᠶᠠᠨ ᠳᠡᠭᠡᠭᠰᠢᠯᠡᠭᠦᠯᠵᠦ ᠪᠣᠯᠤᠨ᠎ᠠ᠃        

    7 . ᠬᠤᠷᠳᠤᠴᠠ ᠪᠠᠨ ᠪᠤᠯᠪᠠᠰᠤᠷᠠᠭᠤᠯᠬᠤ  ᠬᠡᠷᠡᠭᠳᠡᠢ᠃  ᠠᠩᠭ᠍ᠯᠢ  ᠤᠯᠤᠰ ᠤᠨ  ᠨᠢᠭᠡᠨ ᠰᠤᠳᠤᠯᠭᠠᠨ ᠳᠤ᠂ ᠥᠲᠥᠨ‌‍ ᠪᠥ᠋ᠮᠪᠦᠭᠡ᠂ ᠫᠢᠩᠫᠠᠩ ᠪᠥᠮᠪᠦᠭᠡ᠂ ᠲᠣᠣᠷ ᠤᠨ ᠪᠥᠮᠪᠦᠭᠡ ᠶᠢᠨ ᠲᠠᠮᠢᠷᠴᠢᠳ ᠤᠨ ᠳᠤᠮᠳᠠᠴᠢ ᠨᠠᠰᠤᠨ ᠬᠤᠲᠤᠭ ᠨᠢ ᠬᠠᠮᠤᠭ ᠤᠨ ᠣᠷᠳᠣ‌‍ ᠪᠠᠶᠢᠳᠠᠭ ᠢ ᠢᠯᠡᠷᠡᠬᠦᠯᠵᠡᠢ᠂ ᠤᠴᠢᠷ ᠨᠢ ᠡᠳᠡᠭᠡᠷ ᠬᠥᠳᠡᠯᠭᠡᠭᠡᠨ ᠨᠢ  ᠪᠡᠶ᠎ᠡ  ᠮᠠᠬᠠᠪᠣᠳ ᠤᠨ  ᠵᠢᠷᠦᠬᠡ  ᠠᠭᠤᠰᠬᠢᠨ ᠤ  ᠲᠡᠰᠪᠦᠷᠢ ᠵᠢᠨ‌‍ᠬᠡᠮᠵᠢᠶ᠎ᠡ᠂ ᠬᠦᠴᠦ ᠴᠢᠳᠠᠯ᠂ ᠬᠤᠷᠳᠤᠴᠠ᠂ ᠵᠣᠬᠢᠴᠠᠩᠭᠤᠶ ᠴᠢᠨᠠᠷ᠂ ᠤᠶᠠᠨ ᠬᠠᠲᠠᠨ  ᠴᠢᠨᠠᠷ᠂  ᠲᠡᠩᠴᠡᠭᠦᠷᠢ᠂  ᠬᠤᠷᠴᠠ  ᠱᠠᠯᠠᠮᠠᠭᠠᠢ‌‍ ᠪᠠᠶᠢᠬᠤ ᠵᠡᠷᠭᠡ ᠶᠢ ᠪᠦᠬᠦ ᠲᠠᠯ᠎ᠠ ᠪᠠᠷ ᠪᠤᠯᠪᠠᠰᠤᠷᠠᠭᠤᠯᠤᠨ  ᠴᠢᠩᠭᠠᠯᠠᠳᠠᠬ᠃ ᠡᠭᠦᠨ ᠤ ᠬᠠᠮᠲᠤ᠂ ᠥᠲᠥᠨ ᠪᠥᠮᠪᠦᠭᠡ᠂  ᠫᠢᠩᠫᠠᠩ‌‍ ᠪᠥ᠋ᠮᠪᠦᠭᠡ᠂ ᠲᠣᠣᠷ ᠤᠨ ᠪᠥᠮᠪᠦᠭᠡ ᠶᠢᠨ ᠬᠦᠳᠡᠯᠭᠡᠭᠡᠨ ᠨᠢ ᠪᠠᠰᠠ ᠨᠡᠶᠢᠭᠡᠮ ᠤᠨ ᠬᠠᠷᠢᠯᠴᠠᠭᠠᠨ ᠤ ᠴᠢᠳᠠᠮᠵᠢ ᠪᠠᠷ ᠰᠠᠶᠢᠨ᠂ ᠰᠣᠨᠢᠷᠬᠠᠯᠲᠤ‌‍ᠴᠢᠨᠠᠷ ᠢᠶᠠᠷ ᠴᠢᠩᠭ᠎ᠠ ᠪᠠᠶᠢᠳᠠᠬ ᠪᠤᠯᠬᠤᠷ ᠬᠥᠮᠦᠰ ᠤᠷᠳᠤ ᠬᠤᠭᠤᠴᠠᠭ᠎ᠠ ᠪᠠᠷ ᠡᠨᠡᠬᠦ ᠬᠥᠳᠡᠯᠭᠡᠭᠡᠨ ᠢ ᠬᠢᠵᠦ ᠪᠤᠯᠤᠨ᠎ᠠ᠃

    8. ᠪᠡᠶ᠎ᠡ ᠳᠡᠭᠡᠨ ᠢᠲᠡᠭᠡᠯ ᠲᠠᠢ ᠪᠠᠶᠢᠬᠤ ᠬᠡᠷᠡᠭᠲᠡᠢ᠃《ᠨᠤᠭᠤᠷᠠᠯ  ᠪᠦᠳᠦᠷᠢᠯ ᠳᠤ  ᠲᠤᠯᠭᠠᠷᠠᠬᠤ  ᠦᠶ᠎ᠡ ᠳᠤ᠂  ᠬᠥᠮᠥᠰ‌‍ ᠪᠡᠶ᠎ᠡ ᠪᠠᠨ ᠬᠠᠮᠤᠭ ᠠᠴᠠ ᠢᠯᠡᠭᠦᠦ ᠢᠲᠡᠭᠡᠬᠦ  ᠬᠡᠷᠡᠭᠳᠡᠢ》᠃  ᠡᠨᠡ  ᠪᠤᠯ  71  ᠨᠠᠰᠤᠲᠠᠢ  ᠵᠣᠬᠢᠶᠠᠯᠴᠢ  ᠱᠠᠯᠠᠩ  ᠺᠡᠲ᠋ᠤᠯ  ‍ᠤᠨ‌‍ᠰᠡᠳᠬᠢᠴᠡ ᠶᠢᠨ ᠡᠮᠴᠢᠯᠡᠭᠡ ᠬᠢᠯᠭᠡᠭᠰᠡᠨ ᠤ ᠳᠠᠷᠠᠭ᠎ᠠ ᠤᠯᠤᠬᠰᠠᠨ ᠳᠦᠷᠦᠭᠲᠡᠯ ᠶᠤᠮ᠃ ᠲᠡᠷᠡ᠄ 《ᠬᠥᠮᠦᠰ ᠪᠡᠶ᠎ᠡ ᠳᠡᠭᠡᠨ ᠢᠳᠡᠭᠡᠯ ᠲᠠᠢ‌‍ᠬᠦ᠋ᠮᠦᠨ ᠤ ᠬᠠᠵᠠᠭᠤ ᠳᠤ ᠪᠠᠶᠢᠬᠤ ᠲᠤᠷᠠᠳᠠᠢ》 ᠬᠡᠵᠦ ᠬᠡᠯᠡᠪᠡ᠃

    9 . ᠬᠠᠷᠠᠯᠲᠠ ᠲᠣᠭᠲᠠᠭᠠᠬᠤ ᠮᠦᠷᠳᠡᠭᠡᠨ ᠬᠠᠷᠠᠯᠳᠠ ᠪᠠᠨ ᠪᠡᠶᠡᠯᠡᠭᠦᠯᠬᠦ ᠬᠡᠷᠡᠭᠳᠡᠢ᠃ ᠥᠪᠡᠷ ᠤᠨ ᠪᠡᠶ᠎ᠡ ᠳᠡᠭᠡᠨ ᠤᠳᠬ᠎ᠠ‌ᠠᠭᠤᠯᠭ᠎ᠠ ᠲᠠᠢ ᠲᠥᠯᠥᠪᠯᠡᠭᠡ ᠶᠢ ᠲᠣᠭᠲᠠᠭᠠᠬᠤ ᠪᠥᠭᠡᠳ ᠲᠡᠭᠦᠨ ᠢᠶᠠᠨ ᠪᠡᠶᠡᠯᠡᠭᠦᠯᠬᠦ ᠬᠡᠷᠡᠭᠲᠡᠶ᠃

    10 . ᠥᠪᠡᠷ ᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠬᠦ ᠬᠡᠷᠡᠭᠳᠡᠢ᠃ ᠶᠡᠷᠦ ᠶᠢᠨ  ᠦᠭᠡᠨ ᠳᠤ  ᠥᠲᠡᠯᠲᠡᠯ᠎ᠡ ᠪᠠᠨ‌‍ᠰᠤᠷᠤᠨ᠎ᠠ ᠭᠡᠵᠦ ᠬᠡᠯᠡᠳᠡᠭ ᠪᠢᠰᠢᠦ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ