ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ  ᠰᠤᠳᠤᠯᠭᠠᠨ ᠤ ᠬᠦᠷᠢᠶᠡᠯᠡᠩ  ᠤᠨ  ᠬᠢᠨ  ᠤ  ᠮᠦᠩᠭᠦᠨ  ‍ᠤ‌‍ᠲ᠋ᠡᠮᠵᠢᠯᠭᠡ ᠪᠦᠬᠦᠢ  ᠨᠢᠭᠡᠨ ᠰᠤᠳᠤᠯᠭᠠᠨ ᠳᠤ᠂  ᠰᠥᠨᠢ ᠶᠢᠨ  ᠴᠠᠭᠠᠨ  ᠭᠡᠷᠡᠯ  ( ᠶᠡᠷᠦ ᠳᠡᠭᠡᠨ ᠡᠪᠡᠳᠴᠢᠲᠡᠨ ᠤ  ᠦᠷᠦᠭᠡ ᠵᠢ‌‍ᠭᠡᠷᠡᠯᠲᠦᠭᠦᠯᠬᠦ ᠳᠤ ᠬᠡᠷᠡᠭᠯᠡᠳᠡᠭ ᠭᠡᠷᠡᠯ) ᠨᠢ ᠦᠷᠪᠢᠰᠦᠯ᠂ ᠲᠠᠷᠢᠬᠢᠨ ᠤ ᠡᠰ ᠤᠨ ᠦᠬᠦᠯ ᠪᠠ ᠵᠢᠷᠦᠬᠡᠨ ᠡᠪᠡᠳᠴᠢᠲᠡᠨ ᠤ ᠥᠨᠳᠥᠷ‌ᠦᠬᠦᠬᠦ ᠨᠣᠷᠮ᠎ᠠ ᠲᠠᠢ ᠬᠤᠯᠪᠣᠭ᠎ᠠ ᠲᠠᠢ ᠭᠡᠲᠡᠭ ᠢ ᠠᠮᠧᠷᠢᠺᠠ ᠶᠢᠨ ᠲᠧᠺᠰᠠᠰ  ᠶᠡᠭᠡ  ᠰᠤᠷᠭᠠᠭᠤᠯᠢ ᠶᠢᠨ  ᠤᠰᠲ᠋ᠢᠨ  ᠬᠤᠪᠢᠶᠠᠷᠢ‌‍ᠰᠤᠷᠭᠠᠭᠤᠯᠢ ᠪᠠ ᠪᠠᠷᠠᠭᠤᠨ  ᠸᠢᠷᠬᠢᠨᠢᠶ᠎ᠠ  ᠶᠡᠭᠡ  ᠰᠤᠷᠭᠠᠭᠤᠯᠢ ᠶᠢᠨ  ᠠᠨᠠᠭᠠᠬᠤ  ᠤᠬᠠᠭᠠᠨ ᠤ ᠳᠡᠭᠡᠳᠦ  ᠰᠤᠷᠭᠠᠭᠤᠯᠢ  ᠵᠡᠷᠭᠡ‌‍ ᠪᠠᠶᠢᠭᠤᠯᠤᠮᠵᠢ ᠶᠢᠨ ᠮᠡᠳᠡᠷᠡᠯ ᠤᠨ ᠰᠢᠨᠵᠢᠯᠡᠬᠦ ᠤᠬᠠᠭᠠᠨᠲᠠᠳ ᠤᠯᠵᠤ ᠮᠡᠲᠡᠪᠡ᠃

ᠰᠤᠳᠤᠯᠭᠠᠨ ᠤ ᠪᠦᠯᠬᠦᠮ  ᠤᠨ  ᠬᠢᠨ ᠡᠩ  ᠲᠡᠷᠢᠭᠦᠨ ᠳᠤ  ᠠᠮᠢᠲᠠᠨ ᠤ ᠵᠠᠭᠪᠤᠷ ᠢᠶᠠᠷ  ᠵᠢᠷᠦᠬᠡᠨ  ᠴᠣᠬᠢᠯᠲᠠ  ᠵᠢ‌ ᠵᠣᠭᠰᠣᠭᠠᠬᠤ ᠶᠢ ᠳᠠᠬᠢᠨ ᠵᠣᠬᠢᠶᠠᠨ ᠪᠠᠶᠢᠭᠤᠯᠵᠤ᠂ ᠭᠤᠷᠪᠠᠨ ᠳᠤᠭᠤᠶᠢᠯᠠᠩ ᠤᠨ ᠲᠤᠷᠰᠢᠯᠲᠠ ᠳᠤ ᠣᠷᠣᠯᠴᠠᠬᠤ ᠡᠲᠡᠭᠡᠳ ᠢ  ᠲᠤᠰ‌‍ᠲ᠋ᠤᠰ ᠬᠠᠷᠠᠩᠭᠤᠶ ᠤᠯᠠᠭᠠᠨ ᠭᠡᠷᠡᠯ᠂ ᠪᠦᠳᠡᠭᠢ ᠬᠠᠷᠠᠩᠭᠤᠶ ᠴᠠᠭᠠᠨ ᠭᠡᠷᠡᠯ ᠪᠠ ᠬᠠᠷᠠᠩᠭᠤᠶ ᠳᠤᠮᠳᠠ ᠰᠥᠨᠢ ᠥᠩᠭᠡᠷᠡᠭᠦᠯᠪᠡ᠃ 7 ᠰᠦᠨᠢ ᠶᠢᠨ ᠳᠠᠷᠠᠭ᠎ᠠ᠂ ᠰᠤᠳᠤᠯᠭᠠᠨ ᠤ ᠠᠵᠢᠯᠲᠠᠨ ᠲᠡᠲᠡᠨᠤᠰ ᠤᠨ ᠡᠷᠡᠭᠦᠯ ᠮᠡᠨᠳᠦ ᠶᠢᠨ ᠪᠠᠶᠢᠳᠠᠯ ᠢ ᠦᠨᠡᠯᠡᠨ  ᠵᠢᠱᠢᠭᠰᠡᠨ  ᠦᠷ᠎ᠡ‌‍ᠳᠦ᠋ᠩ ᠠᠴᠠ ᠦᠵᠡᠪᠡᠯ᠂ ᠰᠥᠨᠢ ᠴᠠᠭᠠᠨ ᠭᠡᠷᠡᠯ ᠤᠨ ᠳᠣᠤᠷ᠎ᠠ ᠪᠠᠶᠢᠪᠠᠯ ᠣᠯᠠᠨ ᠵᠦᠢᠯ ᠤᠨ  ᠮᠠᠭᠤ  ᠦᠷ᠎ᠡ ᠳ᠋ᠦᠩ  ᠭᠠᠷᠳᠠᠭ᠄ ᠰᠥᠨᠢ ᠴᠠᠭᠠᠨ ᠭᠡᠷᠡᠯ ᠲᠠᠢ ᠬᠦᠷᠦᠯᠴᠡᠬᠦ‍  ᠨᠢᠭᠡ ᠪᠦᠯᠦᠭ ᠲᠤᠷᠰᠢᠯᠲᠠ ᠳᠤ ᠣᠷᠣᠯᠴᠠᠭᠰᠠᠨ ᠡᠲᠡᠭᠡᠳ ᠤᠨ ᠦᠬᠦᠯᠲᠡ ᠶᠢᠨ ᠨᠣᠷᠮ᠎ᠠ‌‍ ᠲ᠋ᠡᠭᠡᠭᠰᠢᠯᠡᠵᠦ᠂  ᠤᠯᠠᠭᠠᠨ  ᠭᠡᠷᠡᠯ  ᠲᠠᠢ  ᠬᠦᠷᠦᠯᠴᠡᠬᠦ ᠳᠤᠭᠤᠶᠢᠯᠠᠩ ᠨᠢ ᠬᠠᠷᠠᠩᠭᠤᠶ ᠳᠤ ᠦᠩᠭᠡᠷᠡᠭᠰᠡᠨ ᠳᠤᠭᠤᠶᠢᠯᠠᠩ ‍ᠤᠨ‌ᠦᠬᠦᠯᠲᠡ ᠶᠢᠨ ᠨᠣᠷᠮ᠎ᠠ ᠲᠠᠢ ᠵᠥᠷᠢᠶ᠎ᠡ ᠥᠬᠡᠶ ᠪᠠᠶᠢᠳᠠᠭ᠃ ᠰᠤᠳᠤᠯᠭᠠᠨ ᠤ ᠠᠵᠢᠯᠲᠠᠨ ᠤ ᠦᠵᠡᠬᠦ ᠪᠠᠷ᠂ ᠰᠥᠨᠢ ᠴᠠᠭᠠᠨ  ᠭᠡᠷᠡᠯ‌‍ ᠲ᠋ᠣᠣᠷ᠎ᠠ ᠪᠠᠶᠢᠪᠠᠯ ᠮᠣᠷᠢᠨ ᠵᠢᠭᠠᠰᠤᠨ ᠤ ᠪᠡᠶ᠎ᠡ ( ᠶᠡᠭᠡ ᠲᠠᠷᠢᠬᠢᠨ ᠳᠠᠬᠢ ᠴᠡᠭᠡᠵᠢᠯᠡᠯ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠬᠦ ᠬᠡᠰᠡᠭ ) ᠶᠢ ᠨᠥᠯᠥᠭᠡᠯᠡᠵᠦ᠂ ᠨᠠᠩ ᠬᠤᠷᠴᠠ ᠰᠢᠷᠦᠭᠦᠨ ᠦᠷᠪᠢᠰᠦᠯ ᠤᠨ ᠤᠷᠪᠠᠯ ᠡᠭᠦᠰᠭᠡᠨ᠎ᠡ᠃

《ᠲᠤᠷᠰᠢᠯᠲᠠ ᠶᠢᠨ ᠮᠡᠳᠡᠷᠡᠯ ᠤᠨ ᠡᠪᠡᠳᠴᠢᠨ ᠤ ᠰᠤᠳᠤᠯᠤᠯ》 ᠳᠡᠭᠡᠷ᠎ᠡ ᠨᠡᠶᠢᠲᠡᠯᠡᠭᠰᠡᠨ ᠡᠨᠡ ᠬᠦ ᠰᠤᠳᠤᠯᠭᠠᠨ ᠤ ᠦᠷ᠎ᠡ‌‍ ᠳᠦ᠋ᠩ ᠠᠴᠠ  ᠦᠵᠡᠪᠡᠯ᠂ ᠰᠥᠨᠢ ᠶᠢᠨ  ᠭᠡᠷᠡᠯ ᠤᠨ  ᠱᠤᠭᠤᠮ ᠤᠨ  ᠥᠩᠭᠡ ᠶᠢ  ᠬᠤᠪᠢᠷᠠᠭᠤᠯᠪᠠᠯ᠂ ᠴᠠᠭᠠᠨ ᠥᠩᠭᠡ ᠲᠠᠢ‌‍ ᠪᠠᠶᠢᠭᠰᠠᠨ ᠠᠴᠠ  ᠤᠯᠠᠭᠠᠨ  ᠥᠩᠭᠡ ᠲᠠᠢ  ᠪᠣᠯᠭᠠᠬᠤ  ᠪᠤᠶᠤ ᠳ᠋ᠧᠩ ᠤᠨ  ᠭᠡᠷᠡᠯ ᠢ  ᠬᠠᠭᠠᠬᠤ ᠨᠢ  ᠵᠢᠷᠦᠬᠡᠨ  ᠡᠪᠡᠳᠴᠢᠨ ‍ᠤ‌ᠡᠳᠡᠭᠡᠷᠡᠯᠲᠡ ᠳᠤ ᠠᠰᠢᠭᠲᠠᠶ᠃ ᠣᠳᠣᠬᠠᠨ ᠤ ᠰᠤᠳᠤᠯᠭᠠᠨ ᠤ ᠦᠷ᠎ᠡ ᠳ᠋ᠦᠩ ᠨᠢ  ᠠᠮᠢᠲᠠᠨ ᠠᠴᠠ ᠢᠷᠡᠯᠲᠡ ᠲᠠᠢ  ᠤᠴᠢᠷ ᠡᠴᠠ‌ᠢᠷᠡᠭᠡᠳᠦᠶ ᠶᠢᠨ ᠰᠤᠳᠤᠯᠭᠠᠨ ᠨᠢ ᠡᠨᠡ ᠬᠦ ᠳ᠋ᠦᠩᠨᠡᠯᠲᠡ ᠨᠢ ᠡᠮᠴᠢᠯᠡᠭᠡᠨ ᠤ ᠬᠥᠮᠦᠰ ᠲᠤ ᠠᠳᠠᠯᠢᠬᠠᠨ  ᠲᠣᠬᠢᠷᠠᠬᠤ ᠶᠢ ᠭᠡᠷᠡᠴᠢᠯᠡᠵᠦ‌‍ ᠴᠢᠳᠠᠪᠠᠯ᠂ ᠡᠮᠨᠡᠯᠭᠡ ᠳᠤ ᠰᠠᠭᠤᠭ᠎ᠠ  ᠵᠢᠷᠦᠬᠡᠨ  ᠯᠤᠭᠰᠢᠯᠲᠠ ᠨᠢ ᠵᠣᠭᠰᠣᠭᠰᠠᠨ  ᠡᠪᠡᠳᠴᠢᠲᠡᠨ ᠤ  ᠡᠷᠡᠭᠦᠯᠵᠢᠬᠦ ᠳᠤ  ᠠᠰᠢᠭᠲᠠᠶ‌‍ ᠪᠤᠯᠤᠨ᠎ᠠ᠃ ( ᠰᠢᠶᠣᠤ ᠵᠦᠩ ᠶᠠᠨ)


ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ