1. ᠴᠢᠰᠤᠨ ᠳᠠᠷᠤᠯᠲᠠ ᠶᠢ ᠪᠠᠭᠤᠷᠠᠭᠤᠯᠵᠤ᠂ ᠵᠢᠷᠦᠬᠡ ᠲᠠᠷᠢᠬᠢ  ᠶᠢ ᠬᠠᠮᠠᠭᠠᠯᠠᠳᠠᠭ᠃ ᠶᠠᠫᠣᠨ ᠤ ᠰᠤᠳᠤᠯᠭᠠᠳᠡᠳ‌ᠣᠯᠵᠤ ᠮᠡᠳᠡᠭᠰᠡᠨ ᠨᠢ᠂ ᠲᠣᠷᠰᠢᠯᠳᠠ ᠳᠤ ᠣᠷᠣᠯᠴᠠᠭᠰᠠᠳ ᠢᠨᠢᠶᠡᠳᠤᠮ ᠲᠠᠢ ᠲᠦᠷᠣᠯ ᠤᠨ ᠶᠡᠷᠦᠩᠬᠡᠶᠢᠯᠡᠭᠰᠡᠨ  ᠤᠷᠠᠯᠢᠭ ‍ᠤᠨ‌‍ᠲ᠋ᠤᠭᠯᠠᠯᠲᠠ ᠦᠵᠡᠬᠦ ᠦᠶ᠎ᠡ ᠳᠤ᠂ ᠪᠡᠶ᠎ᠡ ᠶᠢᠨ ᠳᠣᠲᠣᠭᠠᠳᠤ  ᠡᠷᠬᠡᠲᠡᠨ ᠤ ᠴᠢᠰᠤᠨ ᠤ ᠤᠷᠤᠰᠴᠠ ᠲᠦᠷᠭᠡᠰᠴᠤ᠂ ᠴᠢᠰᠤᠨ ‍ᠤ‌ᠡᠷᠭᠢᠯᠲᠡ ᠰᠠᠶᠢᠵᠢᠷᠠᠨ᠎ᠠ᠃ ᠡᠭᠦᠨ ᠠᠴᠠ ᠭᠠᠳᠠᠨ᠎ᠠ᠂ ᠬᠥᠮᠦᠰ ᠢ ᠡᠯᠢᠭᠡ ᠬᠦᠰᠢᠳᠡᠯ᠎ᠠ ᠢᠨᠢᠶᠡᠯᠭᠡᠬᠦ ᠱᠤᠭ ᠵᠦᠴᠦᠭᠡ ᠶᠢᠨ ᠺᠢᠨᠣ᠋ ᠨᠢ 24 ᠴᠠᠭ ᠤᠨ ᠳᠣᠲᠣᠷ᠎ᠠ ᠦᠵᠡᠭᠴᠢᠳ  ᠲᠤ  ᠴᠢᠰᠤᠨ  ᠰᠤᠳᠠᠯ ᠢ  ᠲᠡᠯᠡᠬᠦᠯᠬᠦ᠂  ᠲᠠᠷᠢᠬᠢᠨ ᠤ  ᠴᠢᠰᠤᠨ ᠤ  ᠬᠠᠩᠭᠠᠯᠳᠠ ᠵᠢ‌‍ᠰᠠᠶᠢᠵᠢᠷᠠᠭᠤᠯᠬᠤ᠂ ᠴᠢᠰᠤᠨ  ᠳᠠᠷᠤᠯᠲᠠ ᠶᠢ  ᠪᠠᠭᠤᠷᠠᠭᠤᠯᠬᠤ  ᠦᠢᠯᠡᠳᠦᠯ ᠦᠵᠡᠭᠦᠯᠳᠡᠭ ᠪᠣᠯᠬᠤᠷ《ᠲᠦᠷᠦᠯᠬᠢ  ᠴᠢᠰᠤᠨ‌‍ᠲ᠋ᠠᠷᠤᠯᠲᠠ ᠶᠢ ᠪᠠᠭᠤᠷᠠᠭᠤᠯᠬᠤ ᠡᠮ》 ᠭᠡᠵᠦ ᠬᠡᠯᠡᠵᠦ ᠪᠣᠯᠤᠨ᠎ᠠ᠃ ᠲᠡᠷᠢᠭᠦᠨ ᠰᠤᠳᠤᠯᠤᠭᠴᠢ ᠵᠢᠶᠠᠨ ᠶᠤᠸᠠᠨ ᠴᠦᠨ᠄  《ᠢᠨᠢᠶᠡᠬᠦ᠋ᠨᠰᠠᠯ ᠨᠢ ᠡᠮ ᠪᠤᠶᠤ ᠮᠡᠰᠡ ᠵᠠᠰᠠᠯ ᠢᠶᠠᠷ ᠵᠢᠷᠦᠬᠡᠨ ᠡᠪᠡᠳᠴᠢᠨ ᠢ ᠡᠮᠨᠡᠬᠦ ᠶᠢ ᠤᠷᠣᠯᠠᠵᠣ ᠲᠡᠶᠢᠯᠬᠦ  ᠦᠭᠡᠢ  ᠪᠠᠶᠢᠵᠤ  ᠮᠡᠳᠡᠨ᠎ᠡ᠂ᠭᠡᠪᠡᠴᠦ ᠲᠡᠷᠡ ᠨᠢ ᠦᠨᠡᠬᠡᠷ ᠲᠤᠶᠢᠯ ᠤᠨ ᠢᠳᠡᠪᠬᠢᠲᠡᠶ ᠲᠤᠰᠠᠯᠠᠮᠵᠢ ᠦᠵᠡᠭᠦᠯᠬᠦ ᠦᠢᠯᠡᠳᠦᠯ ᠲᠠᠢ ᠶᠤᠮ》 ᠭᠡᠵᠡᠢ᠃

2 . ᠲᠠᠷᠣᠭᠠᠰᠣ ᠶᠢ ᠠᠷᠢᠯᠭᠠᠨ᠂ ᠭᠠᠩᠰᠠᠷᠠᠬᠤ  ᠶᠢ   ᠡᠮᠨᠡᠨ ᠵᠠᠰᠠᠳᠠᠭ᠃ ᠢᠨᠢᠶᠡᠬᠦ ᠨᠢ ᠮᠠᠬᠠᠪᠣᠳ ᠤᠨ  ᠡᠷᠡᠭᠦᠯ‌ᠮᠡᠨᠳᠦ ᠳᠤ ᠦᠢᠯᠡᠳᠦᠯ ᠦᠵᠡᠭᠦᠯᠬᠦ ᠶᠢᠨ ᠬᠠᠮᠲᠤ ᠪᠠᠰᠠ ᠰᠡᠳᠬᠢᠴᠡ ᠶᠢᠨ ᠲᠤᠰᠬᠠᠯ ᠢ ᠡᠭᠦᠰᠭᠡᠳᠡᠭ᠂ ᠡᠨᠡ ᠨᠢ ᠳᠠᠷᠤᠶ  ᠬᠥᠮᠦᠰ‌‍ ᠴᠢᠨᠡᠭᠡ ᠪᠠᠷ ᠢᠶᠠᠨ ᠪᠠᠶᠠᠰᠣᠨ ᠢᠨᠢᠶᠡᠭᠰᠡᠨ ᠤ ᠳᠠᠷᠠᠭ᠎ᠠ ᠰᠡᠳᠬᠢᠯ ᠠᠭᠤᠵᠢᠷᠠᠨ ᠲᠠᠭᠠᠯᠠᠮᠵᠢᠲᠠᠶ ᠰᠠᠨᠠᠭᠳᠠᠳᠠᠭ ᠤᠨ ᠤᠴᠢᠷ ᠶᠤᠮ᠃ᠰᠢᠨᠵᠢᠯᠡᠬᠦ ᠤᠬᠠᠭᠠᠨᠲᠠᠳ ᠨᠢᠭᠡ ᠵᠦᠢᠯ ᠤᠨ ᠰᠢᠨ᠎ᠡ ᠰᠤᠳᠤᠯᠭᠠ ᠠᠴᠠ᠂ ᠬᠦᠮᠣᠰ ᠨᠢᠭᠡ ᠤᠳᠠᠭ᠎ᠠ  ᠠᠭᠤᠵᠢᠷᠠᠲᠠᠯ᠎ᠠ  ᠢᠨᠢᠶᠡᠪᠡᠯ‌‍ᠬᠥ᠋ᠮᠦᠨ ᠤ ᠪᠡᠶ᠎ᠡ ᠳᠣᠲᠣᠷᠠᠬᠢ ᠬᠦᠷᠦᠰᠦᠮᠡᠭ ᠤᠨ ᠠᠯᠺᠣᠣᠯ᠂ ᠪᠥᠭᠡᠷ᠎ᠡ ᠶᠢᠨ  ᠪᠤᠯᠴᠢᠷᠬᠠᠶ ᠶᠢᠨ  ᠡᠳ᠋  ᠪᠠ   ᠳ᠋ᠦᠸ᠋ᠪᠠᠺᠧ  ᠵᠡᠷᠭᠡ‌ ᠭᠤᠷᠪᠠᠨ ᠵᠦᠢᠯ ᠤᠨ ᠳᠠᠷᠤᠯᠲᠠ ᠶᠢᠨ ᠬᠤᠷᠮᠣᠨ ᠤ ᠲᠦᠪᠰᠢᠨ ᠢ ᠲᠤᠰ ᠲᠤᠰ 39  %᠂  70  %  ᠪᠠ  38  %  ᠪᠠᠷ‌‍ᠪᠠᠭᠤᠷᠠᠭᠤᠯᠬᠤ ᠶᠢ ᠣᠯᠵᠤ ᠮᠡᠳᠡᠵᠡᠢ᠃  ᠰᠤᠳᠤᠯᠭᠠᠳᠡᠳ   ᠢᠯᠡᠷᠬᠡᠶᠢᠯᠡᠬᠦ ᠳᠡᠭᠡᠨ᠂  ᠡᠳᠡᠭᠡᠷ  ᠦᠵᠡᠬᠦ ᠳᠤ   ᠣᠬᠤᠷᠬᠠᠨ‌ᠬᠤᠭᠤᠴᠠᠭᠠᠨ ᠤ ᠰᠡᠳᠬᠢᠴᠡ  ᠶᠢ ᠨᠥᠯᠥᠭᠡᠯᠡᠬᠦ ᠬᠦᠴᠦᠨ ᠵᠦᠶᠯ ᠨᠢ ᠡᠴᠤᠰ ᠲᠡᠭᠡᠨ ᠰᠡᠳᠬᠢᠴᠡ ᠶᠢᠨ ᠡᠪᠡᠳᠴᠢᠨ ᠢ  ᠵᠠᠰᠠᠬᠤ‌ ᠦᠢᠯᠡᠳᠦᠯ ᠭᠠᠷᠭᠠᠵᠤ ᠮᠡᠳᠡᠨ᠎ᠡ᠃ ᠣᠳᠣᠬᠠᠨ ᠳᠤ ᠲᠡᠳᠡ ᠨᠢᠭᠡᠨᠲᠡ ᠢᠨᠢᠶᠡᠬᠦ ᠵᠠᠰᠠᠯ ᠢ  ᠲᠠᠷᠣᠭᠠᠰᠣ  ᠶᠢ  ᠬᠦᠩᠬᠡᠯᠡᠬᠦ ᠪᠠᠭᠠᠵᠢ‌‍ ᠪᠣᠯᠭᠠᠵᠣ᠂ ᠪᠣᠬᠢᠨᠢᠳᠣᠬᠤ ᠡᠪᠡᠳᠴᠢᠨ  ᠪᠠ ᠭᠠᠩᠰᠠᠷᠠᠬᠤ ᠡᠪᠡᠳᠴᠢᠨ ᠲᠠᠢ ᠡᠪᠡᠳᠴᠢᠲᠡᠨ ᠳᠤ ᠥᠷᠭᠡᠨ ᠢᠶᠠᠷ  ᠬᠡᠷᠡᠭᠯᠡᠬᠦ ᠪᠠᠷ‌‍ ᠪᠡᠯᠡᠳᠬᠡᠵᠦ ᠪᠠᠶᠢᠨ᠎ᠠ᠃ 

3 .ᠥᠯᠥ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠠᠮᠧᠷᠢᠺᠠ ᠶᠢᠨ ᠡᠷᠳᠡᠮᠲᠡᠨ ᠯᠢᠪᠥᠸᠧᠺᠧ  ᠳ᠋ᠣᠺᠲ᠋ᠣᠷ‌ ᠢᠨᠢᠶᠡᠬᠦ ᠨᠢ ᠬᠥᠮᠦᠨ ᠤ ᠪᠡᠶ᠎ᠡ ᠶᠢᠨ ᠦᠷᠪᠢᠰᠦᠯ ‍ᠤᠨ‌‍ᠬᠡᠮᠵᠢᠶ᠎ᠡ ᠶᠢ ᠲᠣᠷᠣᠭᠰᠢᠯᠠᠭᠤᠯᠬᠤ ᠶᠢᠨ  ᠬᠠᠮᠲᠤ᠂  ᠯᠢᠮᠪᠠ  ᠶᠢᠨ  ᠡᠰ ‍ᠤᠨ‌ᠢᠳᠡᠪᠬᠢ ᠴᠢᠨᠠᠷ ᠢ  ᠳᠡᠭᠡᠭᠰᠢᠯᠡᠭᠦᠯᠳᠡᠭ  ᠢ ᠰᠤᠳᠤᠯᠤᠨ  ᠢᠯᠡᠷᠡᠭᠦᠯᠪᠡ᠃  ᠡᠶᠢᠮᠦ ᠠᠴᠠ  ᠢᠨᠢᠶᠡᠬᠦ ᠨᠢ ᠪᠡᠶ᠎ᠡ ᠮᠠᠬᠠᠪᠣᠳ ‍ᠤᠨ‌ᠵᠣᠬᠢᠴᠠᠭᠠᠣᠯᠬᠤ ᠰᠢᠰᠲ᠋ᠧᠮ ᠤᠨ ᠴᠢᠳᠠᠮᠵᠢ ᠶᠢ ᠨᠡᠮᠡᠭᠳᠡᠭᠦᠯᠵᠦ᠂  ᠪᠡᠶ᠎ᠡ  ᠮᠠᠬᠠᠪᠣᠳ ᠢ ᠡᠪᠡᠳᠴᠢᠨ ᠡᠮᠭᠡᠭ ᠠᠴᠠ  ᠬᠠᠮᠠᠭᠠᠯᠠᠬᠤ‌‍ᠪᠣᠯᠤᠨ᠎ᠠ᠃ ᠯᠢ ᠳ᠋ᠣᠺᠲ᠋ᠣᠷ ᠢᠨᠢᠶᠡᠬᠦ ᠶᠢ ᠢᠳᠡᠭᠡᠨ ᠤᠮᠳᠠᠭᠠᠨ ᠢ ᠲᠡᠩᠴᠡᠭᠦᠯᠬᠦ᠂ ᠢᠳᠡᠪᠬᠢᠲᠡᠢ ᠳᠠᠪᠲᠠᠨ  ᠪᠣᠯᠪᠠᠰᠤᠷᠠᠬᠤ  ᠪᠠ‌‍ᠲ᠋ᠠᠪᠠᠳᠠᠢ ᠰᠠᠶᠢᠬᠠᠨ ᠣᠨᠳᠠᠬᠤ ᠲᠠᠢ ᠠᠳᠠᠯᠢ ᠴᠢᠬᠤᠯᠠᠴᠢᠯᠠᠵᠦ᠂ ᠲᠡᠭᠦᠨ ᠢ ᠤᠯᠠᠮᠵᠢᠯᠠᠯᠲᠤ  ᠡᠷᠡᠭᠦᠯ  ᠰᠠᠷᠠᠭᠤᠯ  ᠠᠮᠢᠳᠤᠷᠠᠯ ‍ᠤᠨ‌ᠠᠷᠭ᠎ᠠ ᠬᠡᠯᠪᠡᠷᠢ ᠳᠤ ᠣᠷᠣᠭᠤᠯᠪᠠ᠃

4.ᠡᠪᠡᠳᠬᠦ ᠶᠢ ᠨᠠᠮᠳᠠᠭᠤᠯᠳᠠᠭ᠃ ᠰᠤᠳᠤᠯᠭᠠᠳᠡᠳ ᠠᠯᠢ ᠣᠯᠠᠨ ᠲᠣᠷᠰᠢᠯᠳᠠ ᠪᠠᠷ ᠳᠠᠮᠵᠢᠨ ᠣᠯᠵᠤ ᠮᠡᠳᠡᠭᠰᠡᠨ ᠨᠢ᠂ᠲᠣᠷᠰᠢᠯᠳᠠ ᠳᠤ ᠣᠷᠣᠯᠴᠠᠭᠰᠠᠳ ᠨᠢ ᠨᠢᠭᠡ ᠪᠦᠯᠦᠭ ᠬᠥᠮᠦᠰ ᠲᠠᠢ ᠬᠠᠮᠲᠤ ᠶᠡᠭᠡ ᠪᠠᠷ ᠢᠨᠢᠶᠡᠬᠦ ᠦᠶᠡᠰ᠂ ᠲᠡᠳᠡᠨ ᠤ  ᠡᠪᠡᠳᠬᠦ᠋ᠢ ᠲᠡᠰᠪᠤᠷᠢᠯᠡᠬᠦ ᠬᠡᠮᠵᠢᠶ᠎ᠡ ᠨᠢ ᠢᠯᠡᠳᠲᠡ ᠳᠡᠭᠡᠭᠰᠢᠯᠡᠪᠡ᠃ ᠳᠠᠷᠠᠭ᠎ᠠ ᠨᠢ᠂ ᠶᠠᠷᠢᠶᠠᠨ ᠤ ᠰᠡᠳᠦᠪ ᠨᠢ ᠲᠡᠶᠢᠮᠦ  ᠢᠨᠢᠶᠡᠳᠦᠮ ᠲᠠᠢ‌‍ᠶᠠᠪᠤᠳᠠᠯ ᠪᠢᠰᠢ ᠪᠣᠯᠬᠤ ᠦᠶ᠎ᠡ  ᠳᠤ᠂  ᠲᠣᠷᠰᠢᠯᠳᠠ ᠳᠤ  ᠣᠷᠣᠯᠴᠠᠭᠰᠠᠳ ᠤᠨ ᠡᠪᠡᠳᠬᠦ  ᠶᠢ  ᠲᠠᠰᠪᠤᠷᠢᠯᠡᠬᠦ  ᠴᠢᠳᠠᠪᠤᠷᠢ  ᠨᠢ‌‍ ᠲ᠋ᠤᠷᠤᠭᠰᠢᠯᠠᠵᠠᠢ᠃ ᠲᠤᠰᠬᠠᠶ ᠮᠡᠷᠭᠡᠵᠢᠯᠲᠡᠨ ᠢᠯᠡᠷᠬᠡᠶᠢᠯᠡᠬᠦ  ᠳᠡᠭᠡᠨ᠂ ᠢᠨᠢᠶᠡᠪᠡᠯ ᠡᠪᠡᠳᠬᠦ  ᠳᠠᠷᠤᠭᠳᠠᠳᠠᠭ ᠤᠨ ᠤᠴᠢᠷ ᠨᠢ ᠪᠠᠷᠤᠭ‌‍ᠪᠡᠶ᠎ᠡ ᠮᠠᠬᠠᠪᠣᠳ ᠨᠢ ᠲᠡᠭᠦᠨ ᠢ ᠳᠠᠭᠠᠯᠳᠤᠨ ᠲᠤᠲᠤᠭᠠᠳᠤ ᠲᠠᠶᠢᠪᠤᠰᠢᠷᠠᠯ ᠢ ᠪᠤᠢ ᠪᠤᠯᠭᠠᠭᠰᠠᠨ ᠠᠴᠠ ᠪᠣᠯᠤᠭᠰᠠᠨ ᠪᠠᠶᠢᠵᠤ  ᠮᠡᠳᠡᠨ᠎ᠡ‌‍ ᠭᠡᠵᠡᠶ᠃ ᠡᠨᠡ ᠪᠣᠯ ᠨᠢᠭᠡ ᠵᠦᠢᠯ ᠤᠨ ᠲᠦᠷᠦᠯᠬᠢ ᠡᠪᠡᠳᠬᠦ ᠶᠢ ᠵᠣᠭᠰᠣᠭᠠᠬᠤ ᠡᠮ  ᠮᠥᠨ᠂  ᠡᠨᠡ ᠨᠢ  ᠪᠢᠳᠡᠨ ᠤ  ᠡᠪᠡᠳᠬᠦ ᠵᠢ‌ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠦᠭᠰᠡᠨ ᠪᠠᠶᠢᠨ᠎ᠠ᠃

5. ᠬᠦᠮᠣᠨ  ᠤ  ᠪᠡᠶ᠎ᠡ ᠶᠢᠨ  ᠢᠯᠴᠢ ᠶᠢᠨ  ᠬᠡᠮᠵᠢᠶ᠎ᠡ  ᠶᠢ ᠳᠡᠭᠡᠭᠰᠢᠯᠡᠭᠦᠯᠳᠡᠭ᠃ ᠠᠮᠧᠷᠢᠺᠠ ᠶᠢᠨ ᠰᠤᠳᠤᠯᠭᠠᠳᠡᠳ‌ ᠢᠯᠡᠷᠬᠡᠶᠢᠯᠡᠬᠦ ᠳᠡᠭᠡᠨ᠂ ᠬᠡᠳᠦ᠋ᠢᠪᠡᠷ ᠢᠨᠢᠶᠡᠵᠦ ᠨᠢ ᠬᠥᠳᠡᠯᠭᠡᠭᠡᠨ ᠤ ᠪᠣᠯᠪᠠᠰᠤᠷᠠᠯ ᠢ  ᠣᠷᠣᠯᠠᠵᠤ  ᠲᠡᠶᠢᠯᠬᠦ ᠥᠬᠡᠶ ᠪᠣᠯᠪᠠᠴᠤ‌ᠢᠨᠢᠶᠡᠬᠦ ᠳᠠᠭᠤᠨ ᠨᠢ 10 ~ 15 ᠮᠢᠨᠦ᠋ᠲ ᠦᠷᠬᠦᠯᠵᠢᠯᠡᠪᠡᠯ 40  ᠺᠠᠯᠦᠸᠧᠯᠢ ᠬᠦᠷᠬᠦ  ᠢᠯᠴᠢ  ᠭᠠᠷᠭᠠᠵᠦ  ᠴᠢᠳᠠᠨ᠎ᠠ‌‍ ᠭᠡᠵᠡᠶ᠃ ᠡᠭᠦᠨ ᠢᠶᠠᠷ ᠪᠠᠷᠠᠬᠤ ᠦᠭᠡᠢ᠂ ᠶᠡᠭᠡ ᠪᠠᠷ ᠢᠨᠢᠶᠡᠬᠦ ᠨᠢ ᠪᠠᠰᠠ  ᠬᠡᠪᠡᠯᠢ ᠂ ᠮᠥᠷᠥ᠂  ᠪᠤᠯᠴᠢᠩ ᠵᠡᠷᠭᠡ ᠪᠡᠶ᠎ᠡ ᠵᠢᠨ‌ ᠡᠷᠬᠡᠲᠡᠨ ᠢ ᠳᠠᠪᠲᠠᠨ ᠪᠤᠯᠪᠠᠰᠤᠷᠠᠭᠤᠯᠵᠦ ᠴᠢᠳᠠᠳᠠᠭ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ