01. ᠴᠠᠭᠠᠰᠤᠨ ᠴᠤᠮᠤ
ᠡᠷᠡᠭᠦᠯ ᠮᠡᠨᠲᠦ ᠶᠢᠨ ᠬᠡᠮᠵᠢᠶ᠎ᠡ᠄☆☆☆☆☆ ᠬᠡᠷᠡᠭᠯᠡᠭᠡᠳ ᠣᠷᠬᠢᠳᠠᠭ ᠴᠠᠭᠠᠰᠤᠨ ᠴᠤᠮᠤ ᠨᠢ ᠦᠵᠡᠬᠦ ᠳᠤ ᠠᠷᠢᠭᠤᠨ ᠴᠡᠪᠡᠷ᠂ ᠡᠷᠡᠬᠦᠯ ᠠᠬᠤᠢ ᠶᠢᠨ ᠱᠠᠭᠠᠷᠳᠠᠯᠭᠠᠳᠦ ᠨᠡᠶᠢᠴᠡᠭᠰᠡᠨ ᠰᠢᠭ ᠪᠤᠯᠪᠠᠴᠤ ᠦᠨᠡᠨᠳᠡᠭᠡᠨ ᠲᠡᠭᠦᠨ ᠤ ᠬᠠᠮᠢᠶᠠᠲᠠᠢ ᠱᠠᠭᠠᠷᠳᠠᠯᠭ᠎ᠠ ᠪᠠᠷᠢᠮᠵᠢᠶ᠎ᠠ ᠳᠤ ᠬᠦᠷᠦᠭᠰᠡᠨ ᠡᠰᠡᠬᠦ ᠵᠢᠲ᠋ᠤᠳᠤᠯᠠᠬᠤ ᠪᠤᠯᠤᠮᠵᠢ ᠦᠭᠡᠢ ᠪᠦᠭᠡᠳ ᠰᠢᠭᠤᠳ ᠬᠠᠷᠠᠭᠠᠳ ᠰᠢᠯᠭᠠᠵᠤ ᠲᠡᠶᠢᠯᠬᠦ ᠦᠭᠡᠢ ᠶᠤᠮ᠃ ᠵᠠᠷᠢᠮ ᠴᠠᠭᠠᠰᠤᠨ ᠴᠤᠮᠤ ᠵᠢᠨᠦᠢᠯᠡᠳᠪᠦᠷᠢ ᠴᠠᠭᠠᠨ ᠦᠩᠭᠡ ᠲᠠᠢ ᠪᠤᠯᠭᠠᠬᠤ ᠶᠢᠨ ᠲᠤᠯᠠᠳᠠ ᠴᠡᠭᠡᠨ ᠭᠡᠷᠡᠯ ᠤᠨ ᠴᠠᠶᠢᠷᠠᠭᠤᠯᠬᠤ ᠨᠤᠨᠳᠠᠭ ᠨᠡᠮᠡᠳᠡᠭ ᠪᠣᠯᠬᠤᠷᠡᠨᠡᠬᠦ ᠴᠡᠭᠡᠨ ᠦᠩᠭᠡ ᠶᠢᠨ ᠪᠤᠳᠠᠰ ᠨᠢ ᠤᠯᠠᠨ ᠵᠦᠢᠯ ᠶᠢᠨ ᠡᠰ ᠡᠭᠦᠰᠬᠡᠵᠦ ᠬᠤᠤᠷᠲᠤ ᠬᠠᠪᠤᠳᠠᠷ ᠡᠭᠦᠰᠭᠡᠭᠴᠢ ᠬᠦᠴᠦᠨ ᠵᠦᠢᠯᠪᠤᠯᠳᠠᠭ᠃
ᠳ᠋ᠦᠩᠨᠡᠯᠳᠡ᠄ ᠡᠷᠡᠭᠦᠯ ᠮᠡᠨᠲᠦ ᠳᠤ ᠤᠯᠠᠨ ᠡᠷᠡᠰᠳᠡᠯ ᠡᠭᠦᠰᠭᠡᠳᠡᠭ ᠪᠦᠭᠡᠳ ᠪᠠᠶᠢᠭᠠᠯᠢ ᠤᠷᠴᠢᠨ ᠳᠤ ᠴᠦ ᠰᠦᠷᠭᠡᠦᠨᠦ᠋ᠯᠦᠭᠡ ᠦᠵᠡᠭᠦᠯᠳᠡᠭ᠃
02. ᠬᠤᠪᠠᠨᠴᠢᠷ (ᠰᠦᠯᠢᠶᠤᠤ) ᠴᠤᠮᠤ
ᠡᠷᠡᠭᠦᠯ ᠮᠡᠨᠲᠦ ᠶᠢᠨ ᠬᠡᠮᠵᠢᠶ᠎ᠡ᠄★★☆☆☆ ᠬᠤᠪᠠᠨᠴᠢᠷ ᠪᠦᠲᠦᠭᠡᠭᠳᠡᠬᠦᠨ ᠳᠤ ᠦᠷᠭᠦᠯᠵᠢ ᠬᠤᠪᠠᠨᠴᠢᠷᠵᠢᠭᠤᠯᠬᠤ ᠡᠮ ᠨᠡᠮᠡᠳᠡᠭ ᠪᠦᠭᠡᠳ ᠡᠨᠡ ᠨᠢ ᠬᠤᠤᠷᠲᠤ ᠬᠢᠮᠢᠶᠢᠨ ᠪᠤᠳᠠᠰ ᠢ ᠠᠭᠤᠯᠵᠤ᠂ ᠳᠣᠲᠣᠷ᠎ᠠ ᠨᠢ ᠪᠤᠴᠠᠯᠤᠭᠰᠠᠨ ᠤᠰᠤ ᠬᠢᠪᠡᠯ ᠬᠤᠤᠷᠲᠦ ᠬᠢᠮᠢ ᠶᠢᠨ ᠪᠤᠳᠠᠰ ᠨᠢ ᠠᠮᠷᠬᠠᠨ ᠠᠭᠤᠰᠤᠨᠲ᠋ᠦ᠋ᠭᠡᠳᠡᠭ ᠠᠴᠠ ᠬᠤᠤᠷᠳᠠᠯ ᠡᠭᠦᠰᠭᠡᠬᠦ ᠪᠤᠯᠤᠮᠵᠢ ᠲᠠᠢ ᠪᠠᠶᠢᠳᠠᠭ᠃
ᠳ᠋ᠦᠩᠨᠡᠯᠳᠡ᠄ ᠪᠤᠴᠠᠯᠤᠭᠰᠠᠨ ᠤᠰᠤ ᠰᠠᠪᠠᠯᠠᠭᠰᠠᠨ ᠬᠤᠪᠠᠨᠴᠢᠷ ᠴᠤᠮᠤ ᠠᠴᠠ ᠬᠤᠤᠷᠲᠦ ᠪᠤᠳᠠᠰ ᠠᠮᠷᠬᠠᠨ ᠡᠭᠦᠰᠳᠡᠭ᠃ᠬᠤᠪᠠᠨᠴᠢᠷ ᠴᠤᠮᠤ ᠬᠤᠳᠠᠯᠳᠤᠨ ᠠᠪᠬᠤ ᠳᠠᠭᠠᠨ ᠤᠯᠤᠰ ᠤᠨ ᠪᠠᠷᠢᠮᠵᠢᠶ᠎ᠠ ᠱᠠᠭᠠᠷᠳᠠᠯᠭ᠎ᠠ ᠳᠤ ᠨᠡᠶᠢᠴᠡᠭᠰᠡᠨ ᠱᠤᠱᠢᠭ᠎ᠠ ᠲᠡᠮᠳᠡᠭ ᠲᠠᠢᠴᠤᠮᠤ ᠶᠢ ᠰᠤᠩᠭᠤᠭᠠᠷᠠᠢ︕
ᠬᠤᠪᠠᠨᠴᠢᠷ ᠴᠤᠮᠤ ᠠᠪᠬᠤ ᠳᠠᠭᠠᠨ ᠢᠷᠤᠭᠠᠯ ᠤᠨ ᠬᠡᠰᠡᠭ ᠤᠨ QS ᠪᠤᠶᠤ ᠭᠤᠷᠪᠠᠯᠵᠢᠨ ᠲᠡᠮᠳᠡᠭ ᠢ ᠰᠠᠶᠢᠲᠤᠷᠠᠩᠬᠠᠷᠤᠭᠠᠷᠠᠢ᠃ ᠡᠨᠡ ᠪᠤᠯ ᠲᠡᠭᠦᠨ ᠤ ᠦᠨᠡᠮᠯᠡᠬᠦ ᠪᠤᠯᠤᠨ᠎ᠠ᠃
1 ᠨᠤᠮᠧᠷᠲᠦ PET᠄ 65℃ ᠭᠷᠠᠳᠦ᠋ᠰ ᠤᠨ ᠬᠠᠯᠠᠭᠤᠨ ᠪᠤᠶᠤ -20℃ᠭᠷᠠᠳᠦ᠋ᠰ ᠤᠨ ᠬᠦᠢᠳᠡᠨ ᠳ᠋ᠦᠲ᠋ᠡᠰᠪᠦᠷᠢᠳᠡᠢ᠃
2 ᠨᠤᠮᠧᠷᠲᠦ HDPE᠄ ᠠᠰᠢᠭᠯᠠᠬᠤ ᠦᠭᠡᠢ ᠪᠤᠯ ᠬᠠᠮᠤᠭ ᠤᠨ ᠰᠠᠶᠢᠨ᠃
3 ᠨᠤᠮᠧᠷᠲᠦ PVC᠄ ᠬᠤᠳᠠᠯᠳᠤᠵᠤ ᠠᠪᠬᠤ ᠦᠭᠡᠢ ᠪᠤᠯ ᠬᠠᠮᠤᠭ ᠤᠨ ᠰᠠᠶᠢᠨ᠃
4 ᠨᠤᠮᠧᠷᠲᠦ LDPE᠄ ᠬᠠᠯᠠᠭᠤᠨ ᠤ ᠲᠡᠰᠪᠦᠷᠢ ᠰᠠᠶᠢᠨ ᠪᠢᠰᠢ᠃
5 ᠨᠤᠮᠧᠷᠲᠦ PP᠄ ᠪᠢᠴᠢᠯ ᠲᠤᠯᠬᠢᠶᠠᠨ ᠤ ᠵᠤᠤᠬ᠎ᠠ ᠳᠤ ᠬᠡᠷᠡᠭᠯᠡᠳᠡᠭ ᠬᠤᠭᠤᠯᠠᠨ ᠤ ᠰᠠᠪᠠ ᠪᠤᠶᠤ ᠰᠢᠨ᠎ᠡ ᠰᠤᠷᠭᠤᠭᠴᠢᠨᠠᠷ ᠢ ᠬᠠᠳᠠᠭᠠᠯᠠᠬᠤ ᠰᠠᠪᠠ ᠶᠢ ᠵᠢᠭᠠᠳᠠᠭ ᠪᠦᠭᠡᠳ 120℃ᠭᠷᠠᠳᠦ᠋ᠰ ᠤᠨ ᠬᠠᠯᠠᠭᠤᠨ ᠳᠤ ᠲᠡᠰᠪᠦᠷᠢᠳᠡᠢ᠃
6 ᠨᠤᠮᠧᠷᠲᠦ PS᠄ ᠬᠠᠯᠠᠭᠤᠨ ᠭᠦᠢᠳᠡᠨ ᠳᠤ ᠪᠦᠷ ᠲᠡᠰᠪᠦᠷᠢᠳᠡᠢ ᠭᠡᠪᠡᠴᠦ ᠪᠢᠴᠢᠯ ᠲᠤᠯᠬᠢᠶᠠᠨ ᠤ ᠵᠤᠤᠬ᠎ᠠ ᠳᠤ ᠬᠢᠵᠦᠪᠤᠯᠬᠤ ᠦᠭᠡᠢ᠃
7 ᠨᠤᠮᠧᠷᠲᠦ PC ᠪᠤᠶᠤ ᠪᠤᠰᠤᠳ ᠲᠦᠷᠦᠯ᠄ ᠤᠰᠤᠨ ᠲᠡᠪᠦᠷ᠎ᠡ᠂ ᠤᠰᠤᠨ ᠴᠤᠮᠤ᠂ ᠰᠦᠨ ᠯᠤᠩᠬᠤ ᠵᠡᠷᠭᠡ ᠵᠢᠵᠢᠭᠠᠨᠠ᠃
03. ᠵᠢᠪᠡᠷᠡᠬᠦ ᠦᠭᠡᠢ ᠴᠤᠮᠤ
ᠡᠷᠡᠭᠦᠯ ᠮᠡᠨᠲᠦ ᠶᠢᠨ ᠬᠡᠮᠵᠢᠶ᠎ᠡ᠄★★★☆☆
ᠵᠢᠪᠡᠷᠡᠬᠦ ᠦᠭᠡᠢ ᠴᠤᠮᠤ ᠨᠢ ᠲᠡᠮᠦᠷᠯᠢᠭ ᠤᠨ ᠲᠦᠷᠦᠯ ᠤᠨ ᠪᠦᠲᠦᠭᠡᠭᠳᠡᠬᠦᠨ ᠳᠤ ᠪᠠᠭᠳᠠᠳᠠᠭ᠃ ᠡᠨᠡᠬᠦ ᠴᠤᠮᠤ ᠨᠢ ᠡᠲᠦᠷᠲ᠋ᠤᠳᠤᠮ ᠤᠨ ᠠᠮᠢᠳᠤᠷᠠᠯ ᠤᠨ ᠬᠡᠷᠡᠭᠯᠡᠭᠡᠨ ᠤ ᠤᠰᠤ ᠶᠢ ᠰᠠᠪᠠᠯᠠᠵᠤ ᠠᠰᠢᠭᠯᠠᠬᠤ ᠳᠤ ᠲᠡᠶᠢᠮᠦ ᠶᠡᠭᠡ ᠬᠤᠤᠷ ᠨᠦᠯᠦᠭᠡ ᠪᠠᠶᠢᠬᠤᠦᠭᠡᠢ᠃ ᠭᠡᠪᠡᠴᠦ ᠬᠦᠴᠢᠯᠯᠢᠭ ᠴᠢᠨᠠᠷᠳᠠᠢ ᠤᠮᠳᠠᠭᠠᠨ ᠲᠠᠷᠤᠢ ᠵᠢᠮᠢᠰ ᠤᠨ ᠰᠢᠬᠦᠰᠦ᠂ ᠺᠤᠹᠧ᠂ ᠨᠡᠭᠦᠷᠡᠰᠦᠨ ᠬᠦᠴᠢᠯ ᠡᠯᠪᠡᠭᠠᠭᠤᠯᠤᠭᠰᠠᠨ ᠤᠮᠳᠠᠭᠠᠨ ᠢ ᠬᠢᠵᠦ ᠪᠤᠯᠬᠤ ᠦᠭᠡᠢ᠃
04. ᠱᠠᠭᠠᠵᠠᠩ ᠴᠤᠮᠤ
ᠨᠢᠭᠡᠳᠦᠭᠡᠷ ᠲᠦᠷᠦᠯ ᠤᠨ ᠱᠠᠭᠠᠵᠠᠩ ᠴᠤᠮᠤ᠄ ᠲᠤᠳᠤᠷ ᠬᠠᠨ᠎ᠠ ᠨᠢ ᠬᠢᠯᠠᠯᠵᠠᠳᠠᠭ ᠦᠭᠡᠢ ᠪᠦᠭᠡᠳ ᠪᠤᠳᠤᠭᠤᠷᠤᠭᠤᠯᠤᠭᠰᠠᠨ ᠦᠭᠡᠢ᠃
ᠡᠷᠡᠭᠦᠯ ᠮᠡᠨᠲᠦ ᠶᠢᠨ ᠬᠡᠮᠵᠢᠶ᠎ᠡ᠄★★★★☆
ᠮᠠᠲ᠋ᠧᠷᠢᠶᠠᠯ ᠨᠢ ᠠᠶᠤᠯᠬᠦᠢ᠂ ᠦᠨᠲᠦᠷ ᠳᠤᠯᠠᠭᠠᠨ ᠳᠤ ᠲᠡᠰᠪᠦᠷᠢᠳᠡᠢ ᠪᠦᠭᠡᠳ ᠬᠠᠯᠠᠭᠤᠨ ᠢ ᠬᠠᠳᠠᠭᠠᠯᠠᠬᠤ ᠲᠠᠯ᠎ᠠ ᠪᠡᠷᠴᠦ ᠰᠠᠶᠢᠨ ᠪᠠᠶᠢᠳᠠᠭ ᠢᠶᠠᠷ ᠢᠶᠠᠨ ᠡᠨᠡᠬᠦ ᠲᠦᠷᠦᠯ ᠤᠨ ᠴᠤᠮᠤ ᠨᠢ ᠤᠰᠤ ᠤᠤᠭᠤᠬᠤ ᠳᠤ ᠠᠰᠢᠭᠯᠠᠬᠤ ᠲᠡᠷᠢᠬᠦᠨ ᠰᠤᠩᠭᠤᠯᠳᠠᠪᠤᠯᠤᠨᠠ᠃
ᠬᠤᠶᠠᠳᠤᠭᠠᠷ ᠲᠦᠷᠦᠯ ᠤᠨ ᠱᠠᠭᠠᠵᠠᠩ ᠴᠤᠮᠤ᠄ ᠤᠯᠠᠨ ᠥᠩᠭᠡ ᠪᠠᠷ ᠪᠦᠷᠢᠲᠦᠭᠰᠡᠨ ᠪᠠᠶᠢᠳᠠᠭ᠃
ᠡᠷᠡᠭᠦᠯ ᠮᠡᠨᠲᠦ ᠶᠢᠨ ᠢᠯᠡᠳᠭᠡᠭᠴᠢ ᠬᠡᠮᠵᠢᠶ᠎ᠡ᠄★☆☆☆☆
ᠤᠯᠠᠨ ᠦᠩᠭᠡ ᠪᠠᠷ ᠶᠠᠩᠵᠤᠯᠠᠭᠰᠠᠨ ᠴᠤᠮᠤ ᠨᠢ ᠬᠠᠷᠠᠬᠤ ᠳᠤ ᠰᠠᠶᠢᠬᠠᠨ ᠪᠤᠯᠪᠠᠴᠦ ᠵᠠᠷᠢᠮ ᠤᠨ ᠬᠢᠨᠢ ᠦᠩᠬᠡ ᠪᠤᠳᠤᠭᠨᠢ ᠤᠨᠠᠳᠠᠭ ᠠᠴᠠ ᠪᠤᠯᠵᠤ ᠲᠠᠯᠳᠠ ᠶᠢᠨ ᠬᠤᠤᠷᠳᠠᠯ ᠡᠭᠦᠰᠬᠡᠬᠦ ᠪᠤᠯᠤᠮᠵᠢ ᠲᠠᠢ᠃
05. ᠹᠠᠯᠠᠨ ᠴᠤᠮᠤ
ᠡᠷᠡᠭᠦᠯ ᠮᠡᠨᠲᠦ ᠶᠢᠨ ᠬᠡᠮᠵᠢᠶ᠎ᠡ᠄ ★★★★☆
ᠹᠠᠯᠠᠨ ᠴᠤᠮᠤ ᠶᠢ ᠬᠡᠲᠦᠨ ᠮᠢᠩᠭᠠᠨ ᠼᠧᠯᠰ ᠤᠨ ᠦᠨᠲᠦᠷ ᠲᠤᠯᠠᠭᠠᠨ ᠳᠤ ᠪᠣᠯᠪᠠᠰᠤᠷᠠᠭᠤᠯᠳᠠᠭ ᠤᠴᠢᠷ ᠠᠴᠠ ᠬᠠᠷᠠᠲ᠋ᠤᠭᠤᠯᠭᠠ ᠮᠡᠲᠦ ᠶᠢᠨ ᠬᠤᠤᠷᠳᠠᠢ ᠪᠤᠳᠠᠰ ᠠᠭᠤᠯᠬᠤ ᠦᠭᠡᠢ ᠪᠤᠯᠬᠤᠷ ᠢᠳᠡᠬᠡᠯᠳᠡᠢ ᠬᠡᠷᠡᠭᠯᠡᠵᠦ ᠪᠤᠯᠤᠨ᠎ᠠ᠃
06. ᠰᠢᠯ ᠴᠤᠮᠤ
ᠡᠷᠡᠭᠦᠯ ᠮᠡᠨᠲᠦ ᠶᠢᠨ ᠬᠡᠮᠵᠢᠶ᠎ᠡ᠄ ★★★★★
ᠤᠯᠠᠨ ᠴᠤᠮᠤ ᠶᠢᠨ ᠲᠤᠮᠳᠠ ᠰᠢᠯ ᠴᠤᠮᠤ ᠪᠤᠯ ᠡᠷᠡᠬᠦᠯ ᠮᠡᠨᠲᠦ ᠳᠤ ᠬᠠᠮᠤᠭ ᠤᠨ ᠰᠠᠶᠢᠨ ᠪᠠᠶᠢᠳᠠᠭ᠃ ᠲᠡᠷᠡ ᠨᠢ ᠰᠢᠳᠠᠭᠳᠠᠨ ᠪᠤᠯᠪᠠᠰᠤᠷᠠᠭᠤᠯᠤᠭᠳᠠᠬᠤ ᠶᠠᠪᠤᠴᠠ ᠳᠠᠭᠠᠨ ᠤᠷᠭᠠᠨᠢᠭ ᠬᠢᠮᠢ ᠶᠢᠨ ᠪᠤᠳᠠᠰ ᠠᠭᠤᠯᠬᠤ ᠦᠭᠡᠢ ᠪᠠᠶᠢᠳᠠᠭ ᠪᠦᠭᠡᠳᠰᠢᠯ ᠤᠨ ᠭᠠᠳᠠᠷᠭᠤ ᠨᠢ ᠭᠦᠯᠢᠭᠡᠷ᠂ ᠤᠬᠢᠶᠠᠨ ᠴᠡᠪᠡᠷᠯᠡᠬᠦ ᠳᠤ ᠠᠮᠠᠷᠬᠠᠨ᠂ ᠪᠠᠺᠲ᠋ᠧᠷᠢ ᠪᠤᠯᠤᠨ ᠪᠤᠵᠠᠷ ᠪᠤᠷᠳᠠᠭ ᠵᠦᠢᠯ ᠴᠤᠮᠤ ᠵᠢᠨᠬᠠᠨᠠᠨ ᠳᠤ ᠬᠢᠯᠪᠠᠷᠬᠠᠨ ᠨᠠᠭᠠᠯᠳᠤᠳᠠᠭ ᠦᠭᠡᠢ ᠪᠤᠯᠬᠤᠷ ᠰᠢᠯ ᠴᠤᠮᠤᠨ ᠳᠤ ᠤᠰᠤ ᠤᠤᠭᠤᠬᠤ ᠨᠢ ᠬᠠᠮᠤᠭ ᠤᠨ ᠡᠷᠡᠬᠦᠯ ᠮᠡᠨᠲᠦ᠂ᠬᠠᠮᠤᠭ ᠤᠨ ᠠᠶᠤᠯᠬᠦᠢ ᠪᠠᠶᠢᠳᠠᠭ᠃
ᠰᠠᠨᠠᠭᠤᠯᠬᠤ ᠨᠢ᠄ ᠬᠡᠷᠡᠭᠯᠡᠭᠴᠢᠳ ᠡ︕ ᠡᠷᠡᠬᠦᠯ ᠮᠡᠨᠲᠦ ᠪᠠᠨ ᠪᠤᠳᠤᠪᠠᠯ ᠰᠢᠯ ᠴᠤᠮᠤ ᠶᠢ ᠰᠤᠩᠭᠤᠭᠠᠷᠠᠢ᠂ ᠨᠢᠭᠡ ᠯᠡᠤᠳᠠᠭ᠎ᠠ ᠳᠤ ᠬᠡᠷᠡᠭᠯᠡᠬᠦ ᠴᠠᠭᠠᠰᠤᠨ ᠴᠤᠮᠤ᠂ ᠬᠤᠪᠠᠨ ᠴᠣᠮᠣ ᠨᠢ ᠬᠦᠮᠦᠨ ᠤ ᠪᠡᠶ᠎ᠡ ᠳᠤ ᠬᠡᠴᠢᠨᠡᠨ ᠶᠡᠭᠡ ᠲᠠᠯᠳᠠ ᠬᠤᠤᠷ ᠲᠠᠢᠭᠡᠳᠡᠭ ᠢ ᠰᠠᠨᠠᠵᠤ ᠪᠠᠶᠢᠭᠠᠷᠠᠢ︕
ᠢᠷᠡᠯᠳᠡ :
ᠠᠷᠠᠳ ᠤᠨ ᠰᠦᠯᠵᠢᠶ᠎ᠡ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ