ᠪᠢᠯᠠᠭᠤ ᠰᠢᠳᠠᠯᠲᠠ ᠳ᠋ᠦ ᠤᠷᠤᠯᠴᠠᠬᠰᠠᠨ ᠨᠢ.png


 ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠶᠢᠰᠦᠳᠦᠭᠡᠷ ᠬᠤᠭᠤᠴᠠᠭᠠᠨ ᠤ ᠴᠦᠬᠡᠨ ᠲᠤᠭᠠᠳᠦ ᠦᠨᠳᠦᠰᠦᠲᠡᠨ ᠤ ᠤᠯᠠᠮᠵᠢᠯᠠᠯᠲᠦ ᠪᠡᠶ᠎ᠡ ᠶᠢᠨ ᠲᠠᠮᠢᠷ ᠤᠨ ᠴᠤᠬᠯᠠᠭᠠᠨ ᠤ ᠤᠷᠤᠯᠳᠤᠭᠠᠨ ᠤ ᠲᠠᠯᠠᠪᠤᠷ ᠢᠶᠡᠷ ᠰᠤᠷᠪᠤᠯᠵᠢᠯᠠᠵᠦ ᠶᠠᠪᠤᠬᠤ ᠳ᠋ᠠᠭᠠᠨ᠂ ᠪᠢᠯᠠᠭᠤ ᠶᠢᠨ 15 ᠮᠧᠲᠷ ᠤᠨ ᠤᠨᠤᠭ᠎ᠠ ᠴᠤᠬᠢᠬᠤ ᠤᠷᠤᠯᠳᠤᠭᠠᠨ ᠳ᠋ᠦ ᠠᠯᠲᠠᠨ ᠮᠧᠲᠠᠯ ᠰᠢᠭᠦᠷᠡᠵᠦ ᠨᠡᠷ᠎ᠡ ᠲᠡᠭᠡᠨ ᠲᠡᠡᠭᠴᠡᠵᠦ ᠤᠯᠠᠨ ᠤ ᠪᠠᠨ ᠳᠤᠮᠳᠠ ᠤᠳᠤᠨ ᠪᠤᠯᠵᠦ ᠪᠠᠶᠢᠬᠰᠠᠨ ᠤᠷᠳᠤᠰ ᠬᠤᠳᠠ ᠶᠢᠨ ᠴᠤᠯᠮᠤᠨ ᠲᠠᠢ ᠤᠴᠠᠷᠠᠵᠦ ᠬᠡᠳᠦᠨ ᠦᠭᠡ ᠰᠤᠯᠢᠬᠰᠠᠨ ᠶᠤᠮ᠃ ᠲᠡᠷᠡᠪᠡᠷ 1999 ᠤᠨ ᠳ᠋ᠦ ᠪᠤᠯᠤᠬᠰᠠᠨ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠳᠦᠷᠪᠡᠳᠦᠭᠡᠷ ᠬᠤᠭᠤᠴᠠᠭᠠᠨ ᠤ ᠴᠦᠬᠡᠨ ᠲᠤᠭᠠᠳᠦ ᠦᠨᠳᠦᠰᠦᠲᠡᠨ ᠤ ᠤᠯᠠᠮᠵᠢᠯᠠᠯᠲᠦ ᠪᠡᠶ᠎ᠡ ᠶᠢᠨ ᠲᠠᠮᠢᠷ ᠤᠨ ᠴᠤᠬᠯᠠᠭᠠᠨ ᠤ ᠪᠢᠯᠠᠭᠤ ᠶᠢᠨ ᠤᠷᠤᠯᠳᠤᠭᠠᠨ ᠳ᠋ᠦ ᠤᠷᠤᠯᠴᠠᠬᠰᠠᠨ ᠡᠴᠡ ᠨᠠᠰᠢ ᠵᠢᠷᠭᠤᠭᠠᠨ ᠬᠤᠭᠤᠴᠠᠭ᠎ᠠ ᠳᠠᠷᠠᠭᠠᠯᠠᠨ ᠤᠷᠤᠯᠴᠠᠵᠦ ᠪᠠᠶᠢᠭ᠎ᠠ ᠬᠠᠰᠢᠷ ᠲᠠᠮᠢᠷᠴᠢᠨ᠃

 ᠴᠤᠯᠮᠤᠨ ᠬᠦᠷᠦᠰᠦᠯᠢᠭ ᠪᠤᠷᠤ ᠴᠢᠷᠠᠢ ᠲᠠᠢ᠂ ᠦᠨᠲᠦᠷ ᠲᠡᠭᠰᠢᠬᠡᠨ ᠪᠡᠶ᠎ᠡ ᠲᠠᠢ᠂ ᠲᠠᠶᠢᠪᠤᠭᠤᠨ ᠶᠠᠷᠢᠶ᠎ᠠ ᠲᠠᠢ ᠬᠦᠮᠦᠨ ᠪᠠᠶᠢᠯ᠎ᠠ᠃ ᠠᠯᠠᠱᠠ ᠨᠤᠳᠤᠬ ᠤᠨ ᠤᠤᠭᠠᠯ᠃ 1990 ᠳ᠋ᠦ ᠤᠷᠳᠤᠰ ᠬᠤᠳᠠ ᠶᠢᠨ ᠤᠲᠤᠬ ᠬᠤᠰᠢᠭᠤᠨ ᠳ᠋ᠦ ᠬᠦᠷᠴᠦ ᠤᠲᠤᠬ ᠬᠤᠰᠢᠭᠤᠨ ᠤ ᠮᠤᠡᠭᠭᠤᠯ ᠡᠮᠨᠡᠯᠭᠡ ᠶᠢᠨ ᠬᠤᠷᠢᠶᠠᠨ ᠳ᠋ᠦ ᠠᠵᠢᠯᠯᠠᠵᠦ ᠨᠢᠭᠡᠨᠲᠡ 27 ᠵᠢᠯ ᠤᠨ ᠬᠠᠪᠤᠷ ᠨᠠᠮᠤᠷ ᠢ ᠡᠯᠡᠭᠡᠵᠡᠢ᠃ ᠪᠠᠭ᠎ᠠ ᠡᠴᠡ ᠪᠡᠨ ᠲᠠᠮᠢᠷ ᠤᠨ ᠬᠦᠳᠡᠯᠭᠡᠭᠡᠨ ᠳ᠋ᠦ ᠳᠤᠷ᠎ᠠ ᠪᠠᠬ᠎ᠠ ᠲᠠᠢ ᠲᠡᠷᠡᠪᠡᠷ ᠠᠵᠢᠯ ᠤᠨ ᠢᠶᠡᠨ ᠵᠠᠪ ᠴᠢᠯᠦᠭᠡ ᠪᠡᠷ ᠢᠶᠡᠨ ᠰᠠᠬᠰᠤᠨ ᠪᠦᠮᠪᠦᠭᠡ ᠲᠤᠬᠯᠠᠬᠤ᠂ ᠬᠤᠯᠠ ᠭᠦᠶᠦᠬᠦ᠂ ᠳᠤᠭᠤᠢ ᠤᠨᠤᠬᠤ ᠵᠡᠷᠭᠡ ᠲᠠᠮᠢᠷ ᠤᠨ ᠬᠦᠳᠡᠯᠭᠡᠭᠡᠨ ᠳ᠋ᠦ ᠤᠷᠤᠯᠴᠠᠳᠠᠬ᠃ ᠬᠡᠳᠦᠢᠢᠪᠡᠷ ᠲᠤᠰᠬᠠᠢ ᠮᠡᠷᠭᠡᠵᠢᠯ ᠤᠨ ᠲᠠᠮᠢᠷᠴᠢᠨ ᠪᠢᠰᠢ ᠴᠦ ᠭᠡᠰᠡᠨ ᠲᠡᠷᠡ ᠪᠡᠯᠡᠳᠭᠡᠯ ᠪᠤᠯᠪᠠᠰᠤᠷᠠᠯ ᠢᠶᠡᠨ ᠪᠠᠷᠢᠮᠳᠠᠯᠠᠵᠦ᠂ ᠪᠡᠯᠡᠳᠭᠡᠯ ᠪᠤᠯᠪᠠᠰᠤᠷᠠᠯ ᠤᠨ ᠢᠳᠡ ᠡᠨᠧᠷᠭᠢ ᠪᠡᠷ ᠪᠡᠶ᠎ᠡ ᠪᠡᠨ ᠴᠡᠨᠡᠭᠯᠡᠵᠦ ᠶᠠᠪᠤᠨ᠎ᠠ᠃ ᠴᠤᠯᠮᠤᠨ ᠳᠤᠭᠤᠢ ᠤᠨᠤᠬᠤ ᠳ᠋ᠠᠭᠠᠨ ᠨᠡᠡᠭ ᠬᠡᠴᠡᠭᠦᠦ ᠪᠠᠶᠢᠵᠦ᠂ ᠬᠤᠰᠢᠭᠤᠨ ᠤ ᠪᠠᠨ ᠳᠤᠭᠤᠢ ᠲᠡᠷᠭᠡ ᠶᠢᠨ ᠤᠷᠤᠯᠳᠤᠭᠠᠨ ᠳ᠋ᠦ ᠤᠷᠤᠯᠴᠠᠬᠤ ᠪᠤᠯᠭᠠᠨ ᠡᠮᠦᠨ᠎ᠡ ᠭᠤᠷᠪᠠᠨ ᠨᠡᠷ᠎ᠡ ᠡᠴᠡ ᠪᠠᠭᠤᠳᠠᠬ ᠦᠭᠡᠢ᠃

 ᠴᠤᠯᠮᠤᠨ ᠠᠡᠭᠬᠠᠨ ᠳ᠋ᠠᠭᠠᠨ ᠪᠢᠯᠠᠭᠤ ᠶᠢ ᠦᠵᠡᠵᠦ ᠴᠦ ᠦᠡᠭᠭᠡᠷᠡᠭᠡ ᠦᠭᠡᠢ᠃ 1992 ᠤᠨ ᠡᠴᠡ ᠤᠷᠳᠤᠰᠴᠤᠳ ᠪᠢᠯᠠᠭᠤ ᠶᠢ ᠬᠤᠰᠢᠭᠤᠨ ᠤ ᠨᠠᠭᠠᠳᠤᠮ ᠤᠨ ᠤᠷᠤᠯᠳᠤᠭᠠᠨ ᠳ᠋ᠦ ᠤᠷᠤᠭᠤᠯᠤᠬᠰᠠᠨ ᠡᠴᠡ ᠶᠡᠷᠦ ᠨᠢ ᠲᠠᠮᠢᠷ ᠤᠨ ᠬᠦᠳᠡᠯᠭᠡᠭᠡᠨ ᠳ᠋ᠦ ᠳᠤᠷᠠᠲᠠᠢ ᠲᠡᠷᠡᠪᠡᠷ ᠵᠢᠯ ᠳᠠᠷᠠᠭᠠᠯᠠᠨ ᠪᠢᠯᠠᠭᠤ ᠶᠢᠨ ᠤᠷᠤᠯᠳᠤᠭᠠᠨ ᠳ᠋ᠦ ᠤᠷᠤᠯᠴᠠᠳᠠᠬ ᠪᠤᠯᠪᠠ᠃ ᠲᠡᠷᠡᠪᠡᠷ ᠪᠢᠯᠠᠭᠤ ᠶᠢ ᠦᠵᠡᠵᠦ ᠦᠡᠭᠭᠡᠷᠡᠭᠡ ᠦᠭᠡᠢ ᠪᠠᠶᠢᠬᠰᠠᠨ ᠡᠴᠡ ᠤᠶᠢᠯᠠᠭᠠᠨ ᠮᠡᠳᠡᠵᠦ᠂ ᠤᠶᠢᠯᠠᠭᠠᠵᠦ ᠮᠡᠳᠡᠳᠡᠭ ᠡᠴᠡ ᠪᠡᠨ ᠠᠭᠠᠵᠢᠮ ᠢᠶᠡᠷ ᠠᠷᠭ᠎ᠠ ᠲᠡᠮ ᠢ ᠨᠢ ᠤᠯᠵᠠᠢ᠃ ᠬᠡᠳᠦᠨ ᠵᠢᠯ ᠤᠨ ᠴᠢᠷᠮᠠᠶᠢᠯᠭ᠎ᠠ ᠪᠡᠷ ᠲᠡᠷᠡ ᠡᠷᠭᠢᠨ ᠲᠤᠭᠤᠷᠢᠨ ᠤ ᠪᠠᠨ ᠤᠯᠤᠰ ᠤᠨ ᠳᠤᠲᠤᠷ᠎ᠠ ᠪᠢᠯᠠᠭᠤ ᠶᠢ ᠰᠠᠶᠢᠨ ᠨᠠᠭᠠᠳᠤᠳᠠᠬ ᠨᠢᠭᠡᠨ ᠪᠤᠯᠵᠦ᠂ ᠰᠢᠯᠢᠳᠡᠭ ᠬᠢᠷᠢ ᠪᠦᠳᠦᠮᠵᠢ ᠪᠡᠷ 1999 ᠤᠨ ᠤ ᠳᠦᠷᠪᠡᠳᠦᠭᠡᠷ ᠬᠤᠭᠤᠴᠠᠭᠠᠨ ᠤ ᠴᠦᠬᠡᠨ ᠲᠤᠭᠠᠳᠦ ᠦᠨᠳᠦᠰᠦᠲᠡᠨ ᠤ ᠤᠯᠠᠮᠵᠢᠯᠠᠯᠲᠦ ᠪᠡᠶ᠎ᠡ ᠶᠢᠨ ᠲᠠᠮᠢᠷ ᠤᠨ ᠴᠤᠬᠯᠠᠭᠠᠨ ᠤ ᠪᠢᠯᠠᠭᠤ ᠶᠢᠨ ᠤᠷᠤᠯᠳᠤᠭᠠᠨ ᠳᠦ ᠤᠷᠤᠯᠴᠠᠬᠤ ᠡᠷᠬᠡ ᠶᠢ ᠤᠯᠤᠬᠰᠠᠨ ᠪᠠᠶᠢᠨ᠎ᠠ᠃ ᠡᠭᠦᠨ ᠡᠴᠡ ᠬᠤᠶᠢᠰᠢ ᠲᠡᠷᠡ ᠤᠯᠠᠨ ᠤᠷᠤᠯᠳᠤᠭᠠᠨ ᠢᠶᠡᠷ ᠶᠠᠪᠤᠵᠦ᠂ ᠭᠠᠵᠠᠷ ᠭᠠᠵᠠᠷ ᠤᠨ ᠤᠯᠠᠨ ᠲᠠᠮᠢᠷᠴᠢᠨ ᠲᠠᠢ ᠲᠠᠭᠠᠷᠠᠵᠦ᠂ ᠮᠡᠷᠭᠡᠵᠢᠯ ᠢᠶᠡᠨ ᠰᠤᠯᠢᠯᠴᠠᠨ᠂ ᠲᠤᠷᠰᠢᠯᠭ᠎ᠠ ᠬᠤᠷᠠᠮᠳᠤᠭᠤᠯᠵᠦ ᠨᠢᠭᠡ ᠮᠡᠳᠡᠬᠦ ᠳ᠋ᠦ ᠪᠢᠯᠠᠭᠤ ᠶᠢᠨ ᠬᠠᠰᠢᠷ ᠲᠠᠮᠢᠷᠴᠢᠨ ᠪᠤᠯᠵᠦ ᠤᠯᠠᠨ ᠴᠦ ᠤᠳᠠᠭ᠎ᠠ ᠮᠧᠲᠠᠯ ᠱᠠᠡᠭᠨᠠᠯ ᠢᠶᠡᠷ ᠡᠡᠭᠭᠡᠷ ᠢᠶᠡᠨ ᠮᠢᠯᠢᠶᠠᠯᠭᠠᠵᠦ ᠶᠠᠪᠤᠵᠠᠢ᠃ ᠡᠨᠡ ᠤᠳᠠᠭ᠎ᠠ ᠴᠦ ᠮᠦᠨ ᠠᠳᠠᠯᠢᠬᠠᠨ ᠤᠷᠳᠤᠰ ᠬᠤᠳᠠ ᠳ᠋ᠠᠭᠠᠨ ᠪᠢᠯᠠᠭᠤ ᠶᠢᠨ ᠬᠠᠮᠤᠬ ᠤᠨ ᠰᠠᠶᠢᠨ ᠬᠢᠷᠢ ᠪᠦᠳᠦᠮᠵᠢ ᠤᠯᠤᠬᠰᠠᠨ ᠢᠶᠡᠷ ᠬᠤᠳᠠ ᠪᠠᠨ ᠲᠦᠯᠦᠭᠡᠯᠡᠨ ᠲᠤᠰ ᠤᠳᠠᠭᠠᠨ ᠤ ᠤᠷᠤᠯᠳᠤᠭᠠᠨ ᠳ᠋ᠦ ᠤᠷᠤᠯᠴᠠᠬᠤ ᠡᠷᠬᠡ ᠶᠢ ᠤᠯᠪᠠ᠃ ᠲᠡᠷᠡᠪᠡᠷ 6 ᠲᠦᠯᠦᠭᠡᠯᠡᠭᠴᠢ ᠶᠢᠨ ᠳᠤᠲᠤᠷᠠᠬᠢ ᠨᠠᠰᠤ ᠪᠡᠷ ᠬᠠᠮᠤᠬ ᠤᠨ ᠠᠬᠠᠮᠠᠳ ᠨᠢ ᠪᠠᠶᠢᠯ᠎ᠠ ᠴᠦ ᠲᠡᠭᠦᠨ ᠤ ᠴᠤᠬ ᠵᠠᠯᠢ ᠬᠡᠨ ᠡᠴᠡ ᠴᠦ ᠲᠤᠯᠢᠳᠠᠬᠤ ᠦᠭᠡᠢ᠃

 ᠮᠧᠲᠠᠯ ᠤᠯᠤᠬᠰᠠᠨ ᠨᠢ.png


《ᠬᠡᠶᠢᠮᠦᠷᠢ ᠰᠠᠶᠢᠨ ᠢᠶᠡᠷ ᠤᠷᠤᠯᠳᠤᠭᠠᠨ ᠤ ᠲᠡᠷᠢᠭᠦᠨ ᠠᠪᠤᠯ᠎ᠠ》ᠭᠡᠵᠦ ᠨᠢᠭᠡᠯᠬᠡᠨ ᠦᠭᠦᠯᠡᠪᠦᠷᠢ ᠪᠡᠷ ᠴᠤᠯᠮᠤᠨ ᠦᠪᠡᠷ ᠢ ᠪᠡᠨ ᠳ᠋ᠦᠡᠭᠨᠡᠵᠦ ᠳᠠᠷᠤᠤᠬᠠᠨ ᠶᠠᠷᠢᠨ᠎ᠠ᠃ 《ᠳᠠᠷᠠᠭ᠎ᠠ ᠬᠤᠭᠤᠴᠠᠭᠠᠨ ᠤ ᠴᠤᠬᠯᠠᠭᠠᠨ ᠳᠦ ᠤᠷᠤᠯᠴᠠᠬᠤ ᠪᠡᠷ ᠪᠠᠰᠠ ᠰᠠᠶᠢᠨ ᠴᠢᠷᠮᠠᠶᠢᠨ᠎ᠠ᠂ ᠤᠳᠠᠯ ᠦᠭᠡᠢ ᠨᠠᠢᠮᠠᠨ ᠰᠠᠷ᠎ᠠ ᠳ᠋ᠦ ᠤᠷᠳᠤᠰ ᠬᠤᠳᠠ ᠶᠢᠨ ᠬᠢᠶ᠎ᠠ ᠪᠠᠬᠰᠢ ᠲᠤᠭᠤᠷᠢᠬ ᠲᠦ ᠪᠤᠯᠬᠤ ᠭᠡᠵᠦ ᠪᠠᠶᠢᠭ᠎ᠠ ᠤᠯᠠᠨ ᠤᠯᠤᠰ ᠤᠨ ᠮᠠᠷᠠᠽᠤᠨ ᠤᠷᠤᠯᠳᠤᠭᠠᠨ ᠳ᠋ᠦ ᠤᠷᠤᠯᠴᠠᠬᠤ ᠪᠡᠷ ᠪᠡᠯᠡᠳᠭᠡᠵᠦ ᠪᠤᠢ》ᠭᠡᠵᠦ ᠶᠠᠷᠢᠬᠰᠠᠨ ᠲᠡᠭᠦᠨ ᠤ ᠲᠠᠪᠢ ᠬᠦᠷᠦᠭᠰᠡᠨ ᠴᠦ ᠶᠠᠭᠠᠬᠢᠬᠤᠪ ᠰᠢᠨᠳᠡᠷᠡᠰᠢ ᠦᠭᠡᠢ ᠵᠢᠳᠭᠦᠨ᠎ᠡ ᠭᠡᠰᠡᠨ ᠲᠠᠮᠢᠷᠴᠢᠨ ᠤ ᠵᠤᠷᠢᠬ ᠰᠠᠨᠠᠭ᠎ᠠ ᠨᠢ ᠰᠤᠨᠤᠰᠤᠬᠰᠠᠨ ᠪᠦᠬᠦᠨ ᠤ ᠰᠡᠳᠭᠢᠯ ᠤᠨ ᠬᠦᠪᠴᠢ ᠶᠢ ᠳᠤᠷᠭᠢᠭᠤᠯᠵᠦ ᠪᠠᠶᠢᠯ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ