ᠳᠠᠮᠠᠬᠢ ᠪᠠᠨ ᠵᠤᠬᠰᠤᠭᠠᠭᠰᠠᠨ ᠤ ᠰᠠᠶᠢᠨ ᠢᠶᠠᠷ ᠦᠮᠡᠨ ᠤ ᠦᠬᠦᠯ ᠤᠨ ᠨᠤᠷᠮ᠎ᠠ ᠬᠠᠰᠤᠭᠳᠠᠵᠠᠢ
1991 ᠤᠨ ᠳᠤ᠂ ᠠᠮᠧᠷᠢᠺᠠ ᠶᠢᠨ ᠦᠮᠡᠨ ᠠᠴᠠ ᠪᠤᠯᠤᠭᠰᠠᠨ ᠨᠡᠶᠢᠳᠡ ᠦᠬᠦᠯ ᠤᠨ ᠨᠤᠷᠮ᠎ᠠ ᠨᠢ 215.1/10 ᠲᠦᠮᠡᠨᠬᠦᠮᠦᠨ ᠳᠤ ᠬᠦᠷᠴᠦ᠂ 《ᠦᠬᠦᠯ ᠤᠨ ᠤᠷᠭᠢᠯ》 ᠳᠤ ᠳᠤᠯᠵᠤ᠂ ᠳᠡᠭᠦᠨ ᠠᠴᠠ ᠬᠤᠶᠢᠰᠢ ᠨᠡᠶᠢᠳᠡ ᠦᠬᠦᠯ ᠤᠨ ᠨᠤᠷᠮ᠎ᠠ ᠨᠢ ᠢᠯᠡᠷᠭᠡᠢᠪᠠᠭᠤᠷᠠᠵᠤ᠂ 2015 ᠤᠨ ᠪᠤᠯᠬᠤ ᠳᠤ 158.7/10 ᠳᠦᠮᠡᠨ ᠬᠦᠮᠦᠨ ᠪᠤᠯᠵᠠᠢ᠃
85 ᠵᠢᠯ ᠤᠨ ᠬᠤᠭᠤᠴᠠᠭᠠᠨ ᠳᠤ᠂ ᠠᠮᠧᠷᠢᠺᠠ ᠶᠢᠨ ᠡᠮᠡᠭᠳᠡᠶᠢᠴᠤᠳ ᠤᠨ ᠦᠮᠡᠨ ᠠᠴᠠ ᠪᠤᠯᠤᠭᠰᠠᠨ ᠦᠬᠦᠯ ᠤᠨ ᠨᠤᠷᠮ᠎ᠠ ᠶᠢᠨᠪᠠᠭᠤᠷᠠᠭᠰᠠᠨ ᠬᠡᠮᠵᠢᠶ᠎ᠠ ᠨᠢ 23%᠂ ᠡᠷᠡᠭᠳᠡᠶᠢᠴᠤᠳ ᠤᠨ ᠬᠢ 32% ᠪᠠᠭᠤᠷᠠᠵᠤ᠂ ᠳᠤᠮᠳᠠᠴᠢ ᠪᠠᠭᠤᠷᠠᠭᠰᠠᠨ ᠬᠡᠮᠵᠢᠶ᠎ᠠ ᠨᠢ 26%ᠪᠠᠶᠢᠨ᠎ᠠ᠃ 《ᠦᠮᠡᠨ ᠢ ᠰᠡᠷᠭᠡᠶᠢᠯᠡᠬᠦ ᠪᠠ ᠦᠭᠦᠯ ᠤᠨ ᠨᠤᠷᠮ᠎ᠠ ᠶᠢ ᠨᠢ ᠳᠤᠷᠤᠭᠰᠢᠯᠠᠭᠤᠯᠬᠤ 2030 ᠳᠦᠯᠦᠪᠯᠡᠭᠡ》 ᠶᠢᠨ ᠵᠠᠳᠠᠯᠤᠯᠳᠠ ᠳᠤ᠂ 1930 ᠤᠨ ᠠᠴᠠ 1990 ᠤᠨ ᠪᠤᠯᠳᠠᠯᠠᠬᠢ ᠬᠤᠭᠤᠴᠠᠭᠠᠨ ᠳᠤ ᠡᠷᠡᠭᠳᠡᠶᠢᠴᠤᠳ ᠤᠨ ᠦᠮᠡᠨ ᠠᠴᠠ ᠪᠤᠯᠤᠭᠰᠠᠨᠦᠬᠦᠯ ᠤᠨ ᠨᠤᠷᠮ᠎ᠠ ᠳᠠᠰᠤᠷᠠᠯᠳᠠ ᠦᠭᠡᠢ ᠳᠡᠭᠡᠭᠰᠢᠯᠡᠵᠦ ᠪᠠᠶᠢᠬᠰᠠᠨ ᠭᠤᠤᠯ ᠰᠢᠯᠳᠠᠭᠠᠨ ᠳᠤ ᠳᠠᠮᠠᠬᠢ ᠳᠠᠳᠠᠭᠰᠠᠨ ᠠᠴᠠ ᠪᠤᠯᠵᠤ ᠡᠭᠦᠰᠦᠭᠰᠡᠨ ᠦᠮᠡᠨ ᠤ ᠡᠪᠡᠳᠴᠢᠳᠠᠨ ᠤ ᠬᠠᠷᠢᠴᠠᠯ ᠳᠤᠩ ᠶᠡᠭᠡ ᠪᠠᠶᠢᠵᠤ᠂ ᠤᠨᠴᠠᠭᠠᠢᠢᠯᠠᠨ ᠠᠭᠤᠰᠭᠢᠨ ᠤ ᠦᠮᠡᠨ ᠤ ᠡᠪᠡᠳᠴᠢᠳᠠᠨᠳᠤᠩ ᠤᠯᠠᠨ ᠪᠠᠶᠢᠬᠰᠠᠨ ᠳᠤ ᠤᠷᠤᠰᠢᠨ᠎ᠠ ᠭᠡᠵᠦ ᠳᠤᠳᠤᠷᠬᠠᠢᠢᠯᠠᠨ ᠵᠢᠭᠠᠭᠰᠠᠨ ᠪᠠᠶᠢᠨ᠎ᠠ᠃
ᠦᠩᠭᠡᠷᠡᠭᠰᠡᠨ ᠳᠤ ᠠᠭᠤᠰᠭᠢᠨ ᠤ ᠦᠮᠡᠨ᠂ ᠬᠦᠬᠦᠨ ᠪᠤᠯᠴᠢᠷᠬᠠᠢ ᠶᠢᠨ ᠦᠮᠡᠨ᠂ ᠬᠤᠳᠤᠷᠢᠩᠬᠠᠢ ᠭᠡᠳᠡᠰᠦᠨ ᠤ ᠦᠮᠡᠨ ᠪᠠ ᠤᠷᠤᠭ ᠤᠨ ᠪᠤᠯᠴᠢᠷᠬᠠᠢ ᠶᠢᠨ ᠦᠮᠡᠨ ᠤ ᠡᠪᠡᠳᠴᠢᠳᠠᠨ ᠨᠢ ᠪᠠᠷᠤᠭ ᠠᠮᠧᠷᠢᠺᠠ ᠶᠢᠨ ᠦᠮᠡᠨ ᠢᠶᠠᠷ ᠦᠭᠦᠭᠰᠡᠳ ᠤᠨ ᠬᠠᠭᠠᠰ ᠢ ᠡᠵᠡᠯᠡᠵᠦᠪᠠᠶᠢᠵᠠᠢ᠃ 1990 ᠤᠨ ᠠᠴᠠ ᠡᠨᠡ 4 ᠳᠦᠷᠦᠯ ᠤᠨ ᠦᠮᠡᠨ ᠢᠶᠠᠷ ᠦᠭᠦᠭᠰᠡᠳ ᠤᠨ ᠬᠠᠷᠢᠴᠠᠯ ᠡᠭᠢᠯᠡᠨ ᠪᠠᠭᠤᠷᠠᠵᠤ᠂ ᠪᠦᠬᠦ ᠦᠮᠡᠨ ᠠᠴᠠ ᠪᠤᠯᠤᠭᠰᠠᠨ ᠦᠬᠦᠯ ᠤᠨ ᠨᠤᠷᠮ᠎ᠠ ᠶᠢᠨ ᠬᠠᠨᠳᠤᠰᠢ ᠶᠢ ᠬᠤᠪᠢᠷᠠᠭᠤᠯᠤᠭᠰᠠᠨ ᠪᠠᠶᠢᠨ᠎ᠠ᠃
2014 ᠤᠨ ᠤ ᠦᠮᠡᠨ ᠤ ᠪᠠᠶᠢᠴᠠᠭᠠᠯᠳᠠ ᠠᠴᠠ ᠦᠵᠡᠪᠡᠯ᠂ ᠳᠠᠮᠠᠭᠢ ᠳᠠᠳᠠᠭᠰᠠᠨ ᠠᠴᠠ ᠪᠤᠯᠵᠤ 19% ᠤᠨ ᠦᠮᠡᠨ ᠢ ᠡᠭᠦᠰᠭᠡᠵᠦ᠂ ᠦᠮᠡᠨ ᠠᠴᠠ ᠪᠤᠯᠤᠭᠰᠠᠨ ᠦᠬᠦᠯ ᠤᠨ ᠨᠤᠷᠮ᠎ᠠ ᠨᠢ 29% ᠳᠤ ᠬᠦᠷᠦᠭᠰᠡᠨ ᠪᠠᠶᠢᠨ᠎ᠠ᠃
ᠠᠮᠧᠷᠢᠺᠠ ᠶᠢᠨ ᠡᠷᠡᠭᠳᠡᠶᠢᠴᠤᠳ ᠤᠨ ᠳᠠᠮᠠᠬᠢ ᠳᠠᠳᠠᠬᠤ ᠨᠤᠷᠮ᠎ᠠ ᠨᠢ 1955 ᠤᠨ ᠤ ᠬᠠᠮᠤᠭ ᠤᠨ ᠦᠨᠳᠦᠷ ᠬᠡᠮᠵᠢᠶᠡᠨ ᠳᠤᠬᠦᠷᠦᠭᠰᠡᠨ 55% ᠠᠴᠠ ᠪᠠᠨ ᠪᠠᠭᠤᠷᠠᠭᠠᠳ 2015 ᠤᠨ ᠤ 17% ᠪᠤᠯᠵᠤ᠂ ᠡᠮᠡᠭᠳᠡᠶᠢᠴᠤᠳ ᠤᠨ ᠳᠠᠮᠠᠬᠢ ᠳᠠᠳᠠᠬᠤ ᠨᠤᠷᠮ᠎ᠠ ᠨᠢ 1965 ᠤᠨ ᠤ 35% ᠤᠨ ᠬᠠᠮᠤᠭ ᠤᠨ ᠦᠨᠳᠦᠷ ᠭᠡᠮᠵᠢᠶᠡᠨ ᠠᠴᠠ ᠪᠠᠨ ᠪᠠᠭᠤᠷᠠᠭᠠᠳ 2015 ᠤᠨ ᠤ 14% ᠪᠤᠯᠤᠭᠰᠠᠨ ᠪᠠᠶᠢᠨ᠎ᠠ᠃
ᠠᠮᠧᠷᠢᠺᠠ ᠶᠢᠨ ᠦᠮᠡᠨ ᠤ ᠨᠡᠶᠢᠭᠡᠮᠯᠢᠭ ᠤᠨ ᠬᠢᠨ ᠵᠠᠳᠠᠯᠤᠯᠳᠠ ᠬᠢᠭᠰᠡᠨ ᠰᠠᠭᠤᠷᠢᠨ ᠳᠡᠭᠡᠷ᠎ᠡ ᠦᠮᠡᠨ ᠠᠴᠠ ᠪᠤᠯᠬᠤ ᠦᠬᠦᠯ ᠤᠨ ᠨᠤᠷᠮ᠎ᠠ ᠪᠠᠭᠤᠷᠠᠭᠰᠠᠨ ᠭᠤᠷᠪᠠᠨ ᠭᠤᠤᠯ ᠰᠢᠯᠳᠠᠭᠠᠨ ᠢ ᠳ᠋ᠦᠩᠨᠡᠨ ᠭᠠᠷᠭᠠᠭᠰᠠᠨ ᠪᠠᠶᠢᠨ᠎ᠠ᠂ ᠡᠨᠡ ᠨᠢ ᠳᠠᠷᠤᠢ ᠳᠠᠮᠠᠬᠢ ᠳᠠᠳᠠᠬᠤ ᠶᠢ ᠬᠤᠷᠢᠬᠯᠠᠬᠤ ᠳᠠᠯ᠎ᠠ ᠪᠠᠷ ᠳᠤᠩ ᠰᠠᠶᠢᠨ ᠦᠷ᠎ᠡ ᠪᠦᠲᠦᠮᠵᠢ ᠤᠯᠤᠬᠰᠠᠨ᠂ ᠠᠩᠬᠠᠨ ᠤ ᠬᠤᠭᠤᠴᠠᠭᠠᠨ ᠤ ᠪᠠᠶᠢᠴᠠᠭᠠᠯᠳᠠ ᠪᠠᠰᠡᠷᠭᠡᠶᠢᠯᠡᠯᠳᠡ ᠶᠢ ᠴᠢᠬᠤᠯᠠᠴᠢᠯᠠᠬᠰᠠᠨ᠂ ᠡᠮᠴᠢᠯᠡᠬᠦ ᠠᠷᠭ᠎ᠠ ᠬᠡᠯᠪᠡᠷᠢ ᠶᠢᠨ ᠳᠠᠪᠰᠢᠯᠳᠠ ᠪᠤᠯᠤᠨ᠎ᠠ ᠭᠡᠵᠡᠢ᠃ ᠡᠭᠦᠨ ᠤ ᠳᠤᠳᠤᠷ᠎ᠠ᠂ ᠳᠠᠮᠠᠬᠢ ᠳᠠᠳᠠᠬᠤ ᠶᠢ ᠬᠤᠷᠢᠬᠯᠠᠬᠰᠠᠨ ᠨᠢ ᠦᠮᠡᠨ ᠠᠴᠠ ᠪᠤᠯᠬᠤ ᠦᠭᠦᠯ ᠤᠨ ᠨᠤᠷᠮ᠎ᠠ ᠶᠢ ᠪᠠᠭᠤᠷᠠᠭᠤᠯᠬᠤ ᠳᠤ ᠬᠠᠮᠤᠭ ᠤᠨ ᠶᠡᠭᠡᠦᠢᠯᠡᠳᠦᠯ ᠦᠵᠡᠭᠦᠯᠵᠡᠢ᠃
ᠳᠡᠯᠡᠬᠡᠢ ᠳᠡᠭᠡᠷᠡᠬᠢ ᠬᠠᠮᠤᠭ ᠤᠨ ᠳᠤᠮᠤ ᠰᠠᠴᠤᠷᠠᠭ ᠤᠨ ᠭᠤᠯᠤᠮᠳᠠ — ᠳᠠᠮᠠᠬᠢᠴᠢᠳ ᠤᠨ ᠠᠭᠤᠰᠬᠢ
ᠳᠠᠮᠠᠬᠢᠨ ᠳᠤ ᠰᠠᠴᠤᠷᠠᠭ ᠢᠳᠡᠪᠬᠢ ᠫᠤᠯᠤᠨᠢ ᠪᠠ ᠳᠤᠭᠤᠯᠭ᠎ᠠ ᠠᠭᠤᠯᠤᠭᠳᠠᠵᠤ ᠪᠠᠶᠢᠳᠠᠭ᠂ ᠠᠮᠧᠷᠢᠺᠠ ᠶᠢᠨ ᠤᠷᠴᠢᠨ ᠳᠤᠭᠤᠷᠢᠨ ᠢᠬᠠᠮᠠᠭᠠᠯᠠᠬᠤ ᠵᠤᠷᠭᠠᠨ ᠤ ᠢᠯᠡᠷᠭᠡᠶᠢᠯᠡᠭᠰᠡᠨ ᠢᠶᠠᠷ᠂ ᠬᠡᠷᠪᠡ ᠡᠳᠦᠷ ᠲᠤ ᠬᠠᠶᠢᠷᠴᠠᠭ ᠬᠠᠭᠠᠰ ᠳᠡᠮᠡᠭᠢ ᠳᠠᠳᠠᠬᠤ ᠪᠠᠷ ᠪᠤᠳᠤᠪᠠᠯ᠂ ᠳᠠᠮᠠᠬᠢᠴᠢᠨ ᠤ ᠠᠭᠤᠰᠬᠢᠨ ᠤ ᠭᠡᠰᠡᠭ ᠨᠢ ᠵᠢᠯ ᠳᠤᠮᠳᠠᠴᠢ ᠪᠠᠷ ᠪᠠᠷᠤᠭ 16 ᠲᠦᠮᠡᠨ ᠮᠢᠺᠷᠤᠰᠢᠹᠦ᠋ ᠰᠠᠴᠤᠷᠠᠭ ᠲᠤ ᠳᠠᠭᠠᠷᠢᠬᠳᠠᠵᠤ ᠪᠠᠶᠢᠨ᠎ᠠ᠂ ᠡᠶᠢᠮᠦ ᠠᠴᠠ 《ᠳᠠᠮᠠᠬᠢᠴᠢᠨ ᠤ ᠠᠭᠤᠰᠬᠢ》 ᠪᠤᠯ ᠳᠡᠯᠡᠬᠡᠢᠳᠡᠭᠡᠷᠡᠬᠢ ᠰᠠᠴᠤᠷᠠᠭ ᠢᠶᠠᠷ ᠬᠠᠮᠤᠭ ᠤᠨ ᠴᠢᠩᠭ᠎ᠠ ᠭᠠᠵᠠᠷ ᠪᠤᠯᠤᠨ᠎ᠠ ᠭᠡᠵᠡᠢ᠃ ᠳᠠᠮᠠᠬᠢᠴᠢᠨ ᠤ ᠰᠠᠴᠤᠷᠠᠭ ᠲᠤ ᠳᠠᠭᠠᠷᠢᠬᠳᠠᠬᠤ ᠬᠡᠮᠵᠢᠶ᠎ᠠ ᠨᠢ ᠠᠮᠧᠷᠢᠺᠠ ᠶᠢᠨ ᠰᠠᠴᠤᠷᠠᠭ ᠲᠠᠢ ᠬᠤᠯᠪᠤᠭᠳᠠᠬᠤ ᠠᠵᠢᠯ ᠬᠢᠳᠡᠭ ᠠᠵᠢᠯᠳᠠᠨ᠂ ᠰᠠᠨᠰᠠᠷ ᠤᠨ ᠦᠷᠳᠡᠭᠡᠨ ᠤ ᠰᠠᠨᠰᠠᠷᠴᠢᠨ ᠠᠴᠠᠳᠠᠪᠠᠵᠤ᠂ 《ᠳᠠᠮᠠᠬᠢ ᠳᠠᠳᠠᠬᠤ》 ᠨᠢ ᠳᠡᠯᠡᠬᠡᠢ ᠳᠡᠭᠡᠷᠡᠬᠢ ᠬᠠᠮᠤᠭ ᠤᠨ ᠢᠯᠡᠭᠦᠦ ᠰᠠᠴᠤᠷᠠᠭ ᠤᠨ ᠳᠠᠭᠠᠷᠢᠯᠳᠠ ᠶᠢ ᠬᠦᠯᠢᠶᠡᠵᠦ ᠪᠠᠶᠢᠭ᠎ᠠ《ᠠᠵᠢᠯ ᠳᠦᠷᠦᠯ》 ᠪᠤᠯᠤᠭᠰᠠᠨ ᠪᠠᠶᠢᠨ᠎ᠠ᠃
ᠬᠦᠮᠦᠨ ᠳᠤᠮᠳᠠᠴᠢ ᠪᠠᠷ ᠵᠢᠯ ᠪᠤᠯᠭᠠᠨ ᠪᠠᠶᠢᠭᠠᠯᠢ ᠤᠷᠴᠢᠨ ᠠᠴᠠ ᠪᠠᠨ ᠬᠦᠯᠢᠶᠡᠨ ᠠᠪᠴᠤ ᠪᠠᠶᠢᠭ᠎ᠠ ᠰᠠᠴᠤᠷᠠᠭ ᠤᠨ ᠬᠡᠮᠵᠢᠶ᠎ᠠ ᠨᠢᠵᠦᠪᠬᠡᠨ 2400 ᠮᠢᠺᠷᠤᠰᠢᠹᠦ᠋ ᠪᠠᠶᠢᠳᠠᠭ᠃ ᠨᠢᠭᠡ ᠤᠳᠠᠭ᠎ᠠ ᠴᠡᠭᠡᠵᠢᠨ ᠤ X ᠰᠠᠴᠤᠷᠠᠭ ᠤᠨ ᠵᠢᠷᠤᠭ ᠠᠪᠬᠤ ᠰᠠᠴᠤᠷᠠᠭ ᠤᠨᠬᠡᠮᠵᠢᠶᠠ ᠨᠢ 120 ᠮᠢᠺᠷᠤᠰᠢᠹᠦ᠋᠂ ᠨᠢᠭᠡ ᠤᠳᠠᠭ᠎ᠠ CT ᠰᠠᠴᠤᠷᠠᠭ ᠤᠨ ᠪᠠᠶᠢᠴᠠᠭᠠᠯᠳᠠ ᠬᠢᠬᠦ ᠰᠠᠴᠤᠷᠠᠭ ᠤᠨ ᠬᠡᠮᠵᠢᠶ᠎ᠠ ᠨᠢ 1 ᠲᠦᠮᠡᠨ ᠮᠢᠺᠷᠤᠰᠢᠹᠦ᠋ ᠪᠠᠶᠢᠳᠠᠭ᠃ ᠢᠩᠭᠢᠵᠦ ᠪᠤᠳᠤᠪᠠᠯ᠂ ᠨᠢᠭᠡ ᠵᠢᠯ ᠳᠠᠮᠠᠬᠢ ᠳᠠᠳᠠᠭᠰᠠᠨ ᠨᠢ 10 ᠠᠴᠠ ᠢᠯᠡᠭᠦᠦ ᠤᠳᠠᠭ᠎ᠠ CTᠰᠠᠴᠤᠷᠠᠭ ᠤᠨ ᠪᠠᠶᠢᠴᠠᠭᠠᠯᠳᠠ᠂ ᠮᠢᠩᠭ᠎ᠠ ᠭᠠᠷᠤᠢ ᠤᠳᠠᠭ᠎ᠠ ᠴᠡᠭᠡᠵᠢᠨ ᠤ X ᠰᠠᠴᠤᠷᠠᠭ ᠤᠨ ᠵᠢᠷᠤᠭ ᠠᠪᠤᠭᠰᠠᠨ ᠲᠠᠢ ᠳᠡᠩᠴᠡᠬᠦ ᠶᠤᠮᠪᠠᠶᠢᠨ᠎ᠠ᠃ ᠡᠶᠢᠮᠦ ᠠᠴᠠ ᠵᠠᠷᠢᠮ CT᠂ X ᠰᠠᠴᠤᠷᠠᠭ᠂ ᠴᠦᠮ᠎ᠠ ᠶᠢᠨ ᠰᠤᠷᠢᠨᠵᠢᠨ ᠳᠡᠷᠪᠢᠯᠳᠡ ᠶᠢᠨ ᠪᠠᠶᠢᠴᠠᠭᠠᠯᠳᠠ ᠬᠢᠬᠦ ᠠᠴᠠ ᠠᠶᠤᠳᠠᠭ ᠬᠦᠮᠦᠰ ᠰᠠᠨᠠᠭ᠎ᠠ ᠵᠤᠪᠠᠭ᠋ᠤ ᠭᠡᠷᠡᠭ ᠦᠭᠡᠢ ᠶᠤᠮ ᠪᠠᠶᠢᠨ᠎ᠠ ᠳ᠋ᠠ᠃ ᠬᠡᠷᠪᠡ ᠰᠠᠴᠤᠷᠠᠭ ᠠᠴᠠ ᠦᠨᠡᠨ ᠬᠦ ᠬᠤᠯᠠ ᠪᠠᠶᠢᠶ᠎ᠠ ᠭᠡᠪᠡᠯ᠂ᠳᠠᠮᠠᠬᠢ ᠳᠠᠳᠠᠬᠤ ᠪᠠᠨ ᠪᠤᠯᠢᠬᠤ ᠪᠤᠶᠤ ᠳᠠᠮᠠᠬᠢᠴᠢᠨ ᠠᠴᠠ ᠬᠤᠯᠠ ᠪᠠᠶᠢᠬᠰᠠᠨ ᠨᠢ ᠳᠡᠭᠡᠷ᠎ᠡ ᠴᠤ ᠶᠤᠮ ᠤᠤ᠃
ᠳᠠᠮᠠᠬᠢᠨ ᠤᠳᠤᠭᠠᠨ ᠤ ᠬᠤᠤᠷ
ᠳᠠᠮᠠᠬᠢᠴᠢᠳ ᠦᠪᠡᠷᠰᠡᠳ ᠢᠶᠠᠨ ᠳᠠᠮᠠᠬᠢ ᠳᠠᠳᠠᠭᠰᠠᠨ ᠠᠴᠠ ᠪᠤᠯᠵᠤ ᠡᠪᠡᠳᠴᠢᠨ ᠤᠯᠬᠤ ᠶᠢ ᠴᠤ ᠶᠠᠭᠠᠬᠢᠬᠤᠪ᠂ ᠬᠠᠷᠢᠨ ᠳᠠᠮᠠᠬᠢᠨ ᠤ ᠬᠢᠨᠢ ᠤᠳᠤᠭᠠᠨ ᠳᠤ ᠰᠠᠭᠤᠵᠤ ᠪᠠᠶᠢᠭᠠᠳ ᠡᠪᠡᠳᠴᠢᠨ ᠤᠯᠤᠭᠰᠠᠨ ᠳᠠᠮᠠᠬᠢ ᠳᠠᠳᠠᠳᠠᠭ ᠦᠭᠡᠢ ᠬᠦᠮᠦᠨ ᠳᠤ ᠠᠪᠴᠤ ᠬᠡᠯᠡᠪᠡᠯ ᠠᠷᠠᠢ ᠬᠢᠯᠢᠰ ᠪᠢᠰᠢ ᠤᠤ᠃
ᠠᠭᠤᠰᠬᠢᠨ ᠤ ᠦᠮᠡᠨ᠃ 2016 ᠤᠨ ᠳᠤ᠂ ᠶᠠᠫᠤᠨ ᠤ ᠤᠯᠤᠰ ᠠᠴᠠ ᠡᠷᠭᠢᠯᠡᠭᠰᠡᠨ ᠦᠮᠡᠨ ᠰᠤᠳᠤᠯᠬᠤ ᠳᠦᠪ ᠤᠨ ᠬᠢᠨᠮᠡᠳᠡᠭᠦᠯᠦᠯᠳᠡ ᠨᠡᠶᠢᠳᠡᠯᠡᠵᠦ᠂ ᠳᠠᠮᠠᠬᠢ ᠳᠠᠳᠠᠳᠠᠭ ᠦᠭᠡᠢ ᠬᠦᠮᠦᠰ ᠤᠨ ᠳᠤᠳᠤᠷ᠎ᠠ᠂ ᠳᠠᠮᠠᠬᠢᠨ ᠤᠳᠤᠭᠠᠨ ᠳᠤ ᠰᠠᠭᠤᠭᠴᠢᠳ ᠤᠨᠠᠭᠤᠰᠬᠢᠨ ᠤ ᠦᠮᠡᠨ ᠳᠤ ᠨᠡᠷᠪᠡᠭᠳᠡᠬᠦ ᠠᠶᠤᠯ ᠪᠤᠰᠤᠳ ᠬᠦᠮᠦᠰ ᠤᠨ ᠬᠢ ᠠᠴᠠ 1.3 ᠳᠠᠬᠢᠨ ᠢᠯᠡᠭᠦᠦ ᠪᠠᠶᠢᠨ᠎ᠠ ᠭᠡᠵᠡᠢ᠃
ᠮᠡᠨᠡᠭ᠃ ᠯᠤᠨᠳᠤᠨ ᠶᠡᠭᠡ ᠰᠤᠷᠭᠠᠭᠤᠯᠢ ᠪᠠ ᠳᠤᠮᠳᠠᠳᠤ ᠤᠯᠤᠰ ᠤᠨ ᠠᠨᠾᠦ᠋ᠢ ᠶᠢᠨ ᠡᠮᠨᠡᠯᠭᠡ ᠶᠢᠨ ᠶᠡᠭᠡ ᠰᠤᠷᠭᠠᠭᠤᠯᠢ ᠶᠢᠨᠰᠤᠳᠤᠯᠭᠠᠳᠠᠳ ᠬᠠᠮᠳᠤᠷᠠᠨ 60 ᠨᠠᠰᠤ ᠶᠢ ᠳᠠᠪᠠᠭᠰᠠᠨ ᠨᠠᠰᠤᠳᠠᠶᠢᠴᠤᠳ ᠲᠤ ᠵᠤᠷᠢᠭᠤᠯᠤᠨ ᠰᠤᠳᠤᠯᠭᠠᠨ ᠬᠢᠵᠤ᠂ ᠡᠳᠡᠭᠡᠷ ᠨᠠᠰᠤᠳᠠᠨ ᠤ ᠳᠠᠮᠠᠬᠢᠨ ᠤ ᠤᠳᠤᠭ᠎ᠠ ᠲᠠᠢ ᠤᠢᠢᠷᠠᠳᠤᠭᠰᠠᠨ ᠪᠠᠶᠢᠳᠠᠯ᠂ ᠳᠠᠮᠠᠬᠢ ᠳᠠᠳᠠᠬᠤ ᠳᠠᠳᠬᠠᠯ ᠪᠠ ᠡᠷᠡᠭᠦᠯ ᠮᠡᠨᠳᠦ ᠶᠢᠨ ᠪᠠᠶᠢᠳᠠᠯ ᠳᠤᠨᠢ ᠬᠢᠨᠠᠨᠳᠤᠭᠳᠠᠭᠠᠯᠳᠠ ᠬᠢᠵᠡᠢ᠃ ᠰᠤᠳᠤᠯᠭᠠᠨ ᠤ ᠳ᠋ᠦᠩ ᠳᠤ᠂ 10% ᠶᠢᠨ ᠨᠠᠰᠤᠳᠠᠨ ᠨᠢ ᠬᠦᠨᠳᠦ ᠨᠤᠴᠢᠳᠠᠢ ᠳᠠᠨᠢᠵᠤ ᠮᠡᠳᠡᠷᠡᠬᠦ ᠶᠢᠨᠬᠠᠷᠰᠢᠯᠠᠯ ᠤᠨ ᠡᠪᠡᠳᠴᠢᠨ ᠲᠠᠢ ᠪᠠᠶᠢᠵᠤ᠂ ᠡᠨᠡ ᠨᠢ ᠳᠡᠳᠡᠨ ᠤ ᠳᠠᠮᠠᠬᠢᠨ ᠤ ᠤᠳᠤᠭᠠᠨ ᠳᠤ ᠤᠳᠠᠭᠠᠨ ᠰᠠᠭᠤᠭᠰᠠᠨ ᠲᠠᠢ ᠰᠢᠭᠤᠳᠬᠤᠯᠪᠤᠭᠠ ᠲᠠᠢ ᠪᠠᠶᠢᠬᠤ ᠶᠢ ᠢᠯᠡᠷᠡᠭᠦᠯᠵᠡᠢ᠃
ᠰᠤᠨᠤᠷ ᠮᠠᠭᠤᠳᠠᠨ᠎ᠠ᠃ ᠠᠮᠧᠷᠢᠺᠠ ᠶᠢᠨ ᠮᠠᠶᠠᠮᠢ ᠶᠡᠭᠡ ᠰᠤᠷᠭᠠᠭᠤᠯᠢ ᠪᠠ ᠹᠯᠤᠷᠢᠳᠠ ᠤᠯᠠᠨ ᠤᠯᠤᠰ ᠤᠨ ᠶᠡᠭᠡ ᠰᠤᠷᠭᠠᠭᠤᠯᠢ ᠶᠢᠨᠰᠤᠳᠤᠯᠭᠠᠳᠠᠳ ᠤᠨ ᠢᠯᠡᠷᠡᠭᠦᠯᠦᠭᠰᠡᠨ ᠢᠶᠠᠷ᠂ ᠳᠠᠮᠠᠬᠢᠨ ᠤᠳᠤᠭᠠᠨ ᠳᠤ ᠰᠠᠭᠤᠭᠴᠢᠳ ᠤᠨ ᠰᠤᠨᠤᠰᠬᠤ ᠴᠢᠳᠠᠪᠤᠷᠢ ᠪᠠᠨ ᠠᠯᠳᠠᠬᠤ ᠠᠶᠤᠯ1/3 ᠪᠠᠷ ᠨᠡᠮᠡᠭᠳᠡᠳᠡᠭ ᠠᠵᠢ᠃
ᠬᠡᠦᠬᠡᠳ ᠵᠢᠷᠦᠭᠡᠨ ᠡᠪᠡᠳᠴᠢᠨ ᠳᠤ ᠨᠡᠷᠪᠡᠭᠳᠡᠨ᠎ᠠ᠃ ᠤᠷᠳᠤ ᠬᠤᠭᠤᠴᠠᠭ᠎ᠠ ᠪᠠᠷ ᠳᠠᠮᠠᠬᠢᠨ ᠤᠳᠤᠭ᠎ᠠ ᠲᠠᠢ ᠤᠷᠴᠢᠨ ᠳᠤ ᠪᠠᠶᠢᠳᠠᠭᠬᠡᠦᠬᠡᠳ ᠲᠤ ᠬᠦᠵᠦᠭᠦᠨ ᠤ ᠯᠤᠬᠰᠢᠭᠤᠨ ᠰᠤᠳᠠᠯ ᠬᠠᠳᠠᠭᠤᠷᠠᠨ ᠪᠦᠯᠦᠩᠨᠡᠬᠦ ᠪᠠᠶᠢᠳᠠᠯ ᠭᠠᠷᠬᠤ ᠠᠶᠤᠯ ᠳᠠᠬᠢᠨ ᠢᠶᠠᠷ ᠨᠡᠮᠡᠭᠳᠡᠵᠦ᠂ᠡᠨᠡ ᠨᠢ ᠵᠢᠷᠦᠭᠡᠨ ᠡᠪᠡᠳᠴᠢᠨ ᠡᠭᠦᠰᠬᠦ ᠲᠠᠢ ᠰᠢᠭᠤᠳ ᠬᠤᠯᠪᠤᠭ᠎ᠠ ᠪᠠᠶᠢᠬᠤ ᠶᠢ ᠠᠦ᠋ᠰᠲᠷᠠᠯᠢᠶ᠎ᠠ ᠶᠢᠨ ᠰᠤᠳᠤᠯᠭᠠᠳᠠᠳ ᠢᠯᠡᠷᠡᠭᠦᠯᠦᠭᠰᠡᠨ ᠪᠠᠶᠢᠨ᠎ᠠ᠃
ᠬᠡᠦᠬᠡᠳ ᠤᠨ ᠰᠢᠳᠦ ᠬᠤᠷᠤᠬᠠᠢᠢᠳᠤᠨ᠎ᠠ᠃ ᠳᠠᠮᠠᠬᠢᠨ ᠤᠳᠤᠭ᠎ᠠ ᠨᠢ ᠬᠡᠦᠬᠡᠳ ᠤᠨ ᠠᠮᠠᠨ ᠬᠦᠨᠳᠡᠢ ᠶᠢᠨ ᠪᠠᠺᠲ᠋ᠧᠷᠢ ᠶᠢᠨᠰᠦᠷᠦᠭ ᠪᠠ ᠤᠭᠤᠷᠠᠭ ᠰᠢᠳᠦᠨ ᠤ ᠪᠤᠶᠢᠵᠢᠯᠳᠠ ᠶᠢᠨ ᠶᠠᠪᠤᠴᠠ ᠳᠤ ᠮᠠᠭᠤ ᠨᠦᠯᠦᠭᠡ ᠦᠵᠡᠭᠦᠯᠵᠦ᠂ ᠪᠠᠰᠠ ᠰᠢᠯᠦᠰᠦᠨ ᠪᠤᠯᠴᠢᠷᠬᠠᠢ ᠶᠢᠨ ᠪᠤᠶᠢᠵᠢᠯᠳᠠ ᠪᠠ ᠴᠢᠳᠠᠪᠬᠢ ᠳᠤ ᠨᠦᠯᠦᠭᠡᠯᠡᠵᠦ᠂ ᠰᠢᠯᠦᠰᠦ ᠬᠤᠷᠠᠬᠤ ᠶᠢ ᠮᠠᠭᠤᠳᠠᠭᠤᠯᠵᠤ ᠰᠢᠯᠦᠰᠦᠨ ᠤ ᠦᠢᠯᠡᠳᠦᠯ ᠢ ᠪᠠᠭᠤᠷᠠᠭᠤᠯᠳᠠᠭ ᠭᠡᠰᠡᠨ ᠰᠤᠳᠤᠯᠭᠠᠨ ᠤ ᠳ᠋ᠦᠩ ᠢ ᠶᠠᠫᠤᠨ ᠤ ᠰᠤᠳᠤᠯᠭᠠᠳᠠᠳ ᠨᠡᠶᠢᠳᠡᠯᠡᠭᠰᠡᠨ ᠪᠠᠶᠢᠨ᠎ᠠ᠃
ᠡᠯᠢᠭᠡ ᠳᠠᠷᠢᠬᠢᠨ ᠳᠤ ᠮᠠᠭᠤ᠃ ᠬᠤᠪᠴᠠᠰᠤ ᠬᠤᠨᠠᠷ᠂ ᠬᠢᠪᠢᠰ ᠵᠡᠷᠭᠡ ᠡᠳ᠋ᠯᠡᠯ ᠭᠡᠷᠡᠭᠯᠡᠯ ᠳᠤ ᠰᠢᠩᠭᠡᠭᠰᠡᠨ ᠳᠠᠮᠠᠬᠢᠨ ᠤ ᠤᠳᠤᠭ᠎ᠠ ᠨᠢ ᠡᠯᠢᠭᠡ ᠪᠠ ᠳᠠᠷᠢᠬᠢᠨ ᠤ ᠡᠷᠡᠭᠦᠯ ᠮᠡᠨᠳᠦ ᠶᠢ ᠬᠤᠬᠢᠷᠠᠭᠤᠯᠳᠠᠭ᠂ ᠬᠦᠳᠡᠯᠦᠯ ᠪᠠᠷᠢᠯ ᠢ ᠨᠦᠯᠦᠭᠡᠯᠡᠳᠡᠭ᠂ ᠮᠡᠳᠡᠷᠡᠯᠮᠠᠭᠤᠳᠠᠬᠰᠠᠨ ᠴᠢᠨᠠᠷᠳᠠᠢ ᠡᠪᠡᠳᠴᠢᠨ ᠤ ᠠᠶᠤᠯ ᠢ ᠨᠡᠮᠡᠭᠳᠡᠭᠦᠯᠵᠦ᠂ ᠰᠢᠨ᠎ᠠ ᠬᠠᠭᠤᠴᠢᠨ ᠤ ᠰᠤᠯᠢᠯᠴᠠᠭ᠎ᠠ ᠶᠢ ᠬᠦᠨᠳᠦ ᠨᠤᠴᠢᠳᠠᠢᠨᠦᠯᠦᠭᠡᠯᠡᠳᠡᠭ ᠭᠡᠵᠦ ᠠᠮᠧᠷᠢᠺᠠ ᠶᠢᠨ ᠰᠤᠳᠤᠯᠭᠠᠳᠠᠳ ᠤᠨ ᠰᠤᠳᠤᠯᠭᠠᠨ ᠤ ᠳ᠋ᠦᠩ ᠳᠤ ᠢᠯᠡᠷᠡᠭᠰᠡᠨ ᠪᠠᠶᠢᠨ᠎ᠠ᠃
ᠳᠠᠮᠠᠬᠢᠨ ᠤᠳᠤᠭᠠᠨ ᠤ ᠦᠯᠡᠳᠡᠭᠳᠡᠯ ᠨᠢ ᠠᠮᠢᠰᠬᠤᠯ ᠪᠠ ᠠᠷᠠᠰᠤᠨ ᠤ ᠬᠦᠷᠦᠯᠴᠡᠯ ᠢᠶᠠᠷ ᠳᠠᠮᠵᠢᠨ ᠬᠦᠮᠦᠨ ᠤ ᠪᠡᠶ᠎ᠡ ᠳᠤ ᠰᠢᠩᠭᠡᠳᠡᠭ᠂ ᠳᠡᠭᠡᠬᠦ ᠳᠤ ᠳᠠᠮᠠᠬᠢᠴᠢᠳ ᠤᠨ ᠰᠠᠭᠤᠵᠤ ᠦᠩᠭᠡᠷᠡᠭᠰᠡᠨ ᠪᠠᠭᠤᠳᠠᠯ ᠤᠨ ᠦᠷᠦᠭᠡ᠂ ᠮᠠᠰᠢᠨ ᠳᠡᠷᠭᠡ ᠵᠢᠴᠢ ᠦᠪᠡᠷ ᠤᠨᠭᠡᠷ ᠲᠤᠨᠢ ᠪᠦᠷ ᠳᠠᠮᠠᠬᠢᠨ ᠤᠳᠤᠭᠠᠨ ᠤ ᠦᠯᠡᠳᠡᠭᠳᠡᠯ ᠪᠠᠶᠢᠵᠤ ᠳᠡᠷᠭᠡᠳᠡ ᠪᠠᠶᠢᠬᠤ ᠬᠦᠮᠦᠰ ᠢ ᠨᠢ ᠬᠤᠬᠢᠷᠠᠭᠤᠯᠵᠤ ᠮᠡᠳᠡᠨ᠎ᠠ᠃
ᠠᠷᠪᠠᠭᠠᠳ ᠳᠦᠷᠦᠯ ᠤᠨ ᠦᠮᠡᠨ ᠨᠢ ᠳᠠᠮᠠᠬᠢ ᠲᠠᠢ ᠬᠤᠯᠪᠤᠭ᠎ᠠ ᠲᠠᠢ
ᠨᠢᠭᠡ ᠰᠢᠷᠭᠡᠭ ᠳᠠᠮᠠᠬᠢ ᠨᠤᠴᠤᠭᠠᠳ ᠳᠠᠭᠤᠰᠳᠠᠯ᠎ᠠ ᠪᠠᠨ ᠨᠠᠭᠠᠳᠤ ᠵᠠᠬ᠎ᠠ ᠨᠢ 4000 ᠭᠠᠷᠤᠢ ᠵᠦᠢᠯ ᠤᠨ ᠬᠢᠮᠢ ᠶᠢᠨ ᠪᠤᠳᠠᠰᠡᠭᠦᠰᠭᠡᠳᠡᠭ᠂ ᠳᠡᠳᠡᠭᠡᠷ ᠠᠴᠠ 69 ᠵᠦᠢᠯ ᠨᠢ ᠦᠮᠡᠨ ᠡᠭᠦᠰᠭᠡᠬᠦ ᠪᠤᠳᠠᠰ ᠪᠤᠯᠬᠤ ᠶᠢ ᠨᠢᠭᠡᠨᠳᠡ ᠨᠤᠳᠠᠯᠠᠵᠠᠢ᠃
ᠪᠠᠳᠤᠳᠠᠢ ᠪᠠᠷᠢᠮᠳᠠ ᠨᠤᠭᠤᠳ ᠠᠴᠠ ᠦᠵᠡᠪᠡᠯ᠂ ᠳᠠᠮᠠᠬᠢ ᠳᠠᠳᠠᠬᠤ ᠨᠢ ᠠᠭᠤᠰᠬᠢᠨ ᠤ ᠦᠮᠡᠨ᠂ ᠬᠦᠬᠦᠨ ᠪᠤᠯᠴᠢᠷᠬᠠᠢ ᠶᠢᠨᠦᠮᠡᠨ᠂ ᠠᠮᠠᠨ ᠬᠦᠨᠳᠡᠢ ᠶᠢᠨ ᠦᠮᠡᠨ᠂ ᠳᠠᠪᠤᠰᠠᠩ ᠤᠨ ᠦᠮᠡᠨ᠂ ᠬᠤᠳᠤᠷᠢᠩᠬᠠᠢ ᠭᠡᠳᠡᠰᠦᠨ ᠤ ᠦᠮᠠᠨ᠂ ᠤᠯᠠᠭᠠᠨ ᠬᠤᠭᠤᠯᠠᠢ ᠶᠢᠨᠦᠮᠡᠨ᠂ ᠤᠷᠤᠭ ᠤᠨ ᠪᠤᠯᠴᠢᠷᠬᠠᠢ ᠶᠢᠨ ᠦᠮᠠᠨ᠂ ᠨᠦᠢᠷ ᠤᠨ ᠪᠤᠯᠴᠢᠷᠬᠠᠢ ᠶᠢᠨ ᠦᠮᠡᠨ ᠵᠡᠷᠭᠡ ᠠᠷᠪᠠᠭᠠᠳ ᠳᠦᠷᠦᠯ ᠤᠨ ᠦᠮᠡᠨ ᠡᠭᠦᠰᠬᠦ ᠲᠠᠢ ᠬᠤᠯᠪᠤᠭ᠎ᠠ ᠲᠠᠢ ᠪᠠᠶᠢᠭ᠎ᠠ ᠠᠵᠢ᠃
ᠡᠭᠦᠨ ᠢᠶᠠᠷ ᠪᠠᠷᠠᠬᠤ ᠦᠭᠡᠢ ᠳᠠᠮᠠᠬᠢ ᠳᠠᠳᠠᠬᠤ ᠨᠢ ᠪᠠᠰᠠ ᠦᠷᠡᠵᠢᠯ ᠤᠨ ᠴᠢᠳᠠᠪᠤᠷᠢ ᠶᠢ ᠮᠠᠭᠤᠳᠠᠭᠤᠯᠤᠨ᠂ ᠪᠡᠯᠭᠡ ᠶᠢᠨ ᠴᠢᠳᠠᠪᠤᠷᠢ ᠶᠢᠨ ᠳᠤᠷᠦ᠋ᠢᠳᠠᠯ ᠢ ᠳᠦᠷᠭᠡᠳᠭᠡᠵᠦ᠂ ᠶᠠᠰᠤ ᠶᠢ ᠭᠡᠪᠡᠷᠡᠭᠰᠢᠭᠦᠯᠳᠡᠭ ᠢᠶᠠᠷ ᠪᠠᠷᠠᠬᠤ ᠦᠭᠡᠢ ᠵᠢᠷᠦᠭᠡ ᠳᠠᠷᠢᠬᠢ ᠴᠢᠰᠦᠨᠰᠤᠳᠠᠯ ᠤᠨ ᠡᠪᠡᠳᠴᠢᠨ ᠢ ᠢᠯᠡᠷᠭᠡᠢ ᠬᠦᠨᠳᠦᠷᠡᠭᠦᠯᠳᠡᠭ᠃ ᠳᠠᠮᠠᠬᠢ ᠳᠠᠳᠠᠭᠰᠠᠨ ᠠᠴᠠ ᠪᠤᠯᠵᠤ ᠡᠮᠡᠭᠳᠡᠶᠢᠴᠤᠳ ᠤᠨ ᠵᠢᠷᠦᠭᠡᠨ ᠳᠤᠤᠴᠠᠷᠠᠭᠤᠯᠬᠤ ᠬᠤᠬᠢᠷᠠᠯ ᠨᠢ ᠡᠷᠡᠭᠳᠡᠶᠢᠴᠤᠳ ᠤᠨ ᠬᠢ ᠠᠴᠠ ᠢᠯᠡᠷᠭᠡᠢ ᠬᠦᠨᠳᠦ ᠪᠠᠶᠢᠳᠠᠭ ᠠᠵᠢ᠃
ᠳᠠᠮᠠᠬᠢ ᠳᠠᠳᠠᠬᠤ ᠪᠠᠨ ᠵᠤᠬᠰᠤᠭᠠᠪᠠᠯ ᠶᠠᠭᠠᠬᠢᠬᠤ ᠪᠤᠯ︖
ᠰᠤᠳᠤᠯᠭᠠᠨ ᠳᠤ ᠭᠡᠷᠡᠴᠢᠯᠡᠭᠰᠡᠨ ᠢᠶᠠᠷ᠂ 35 ᠨᠠᠰᠤᠨ ᠠᠴᠠ ᠪᠠᠨ ᠡᠮᠦᠨ᠎ᠠ ᠳᠠᠮᠠᠬᠢ ᠳᠠᠳᠠᠬᠤ ᠪᠠᠨ ᠵᠤᠬᠰᠤᠭᠠᠪᠠᠯ᠂ 9ᠬᠤᠪᠢ ᠶᠢᠨ ᠳᠠᠮᠠᠬᠢ ᠳᠠᠳᠠᠭᠰᠠᠨ ᠠᠴᠠ ᠪᠤᠯᠬᠤ ᠵᠢᠷᠦᠭᠡᠨ ᠤ ᠡᠪᠡᠳᠴᠢᠨ ᠠᠴᠠ ᠵᠠᠶᠢᠯᠠᠵᠤ ᠪᠤᠯᠤᠨ᠎ᠠ︔ 59 ᠨᠠᠰᠤᠨ ᠠᠴᠠ ᠡᠮᠦᠨᠠᠳᠠᠮᠠᠬᠢ ᠳᠠᠳᠠᠬᠤ ᠪᠠᠨ ᠵᠤᠬᠰᠤᠭᠠᠪᠠᠯ᠂ 15 ᠵᠢᠯ ᠤᠨ ᠳᠤᠳᠤᠷ᠎ᠠ ᠦᠬᠦᠵᠦ ᠮᠡᠳᠡᠬᠦ ᠠᠶᠤᠯ ᠨᠢ ᠦᠷᠭᠦᠯᠵᠢᠯᠡᠨ ᠳᠠᠮᠠᠬᠢ ᠳᠠᠳᠠᠵᠤᠪᠠᠶᠢᠭᠠ ᠬᠦᠮᠦᠰ ᠤᠨ ᠬᠠᠭᠠᠰ ᠬᠢᠷᠢ ᠪᠤᠯᠤᠨ᠎ᠠ︔ ᠳᠡᠷᠡᠴᠢᠯᠡᠨ 60 ᠨᠠᠰᠤ ᠬᠦᠷᠦᠭᠡᠳ ᠳᠠᠮᠠᠬᠢ ᠳᠠᠳᠠᠬᠤ ᠪᠠᠨ ᠵᠤᠬᠰᠤᠭᠠᠭᠰᠠᠨ ᠴᠤᠶᠠᠭᠠᠬᠢᠬᠤᠪ᠂ ᠠᠭᠤᠰᠬᠢᠨ ᠤ ᠦᠮᠡᠨ ᠢᠶᠠᠷ ᠦᠬᠦᠬᠦ ᠨᠤᠷᠮ᠎ᠠ ᠨᠢ ᠦᠷᠭᠦᠯᠵᠢᠯᠡᠨ ᠳᠠᠮᠠᠬᠢ ᠳᠠᠳᠠᠵᠤ ᠪᠠᠶᠢᠭ᠎ᠠ ᠬᠦᠮᠦᠨ ᠠᠴᠠ ᠬᠤᠯᠠᠳᠤᠤᠷᠠ ᠪᠤᠯᠳᠠᠭ ᠠᠵᠢ᠃
ᠳᠠᠮᠠᠬᠢ ᠳᠠᠳᠠᠬᠤ ᠪᠠᠨ ᠪᠤᠯᠢᠶ᠎ᠠ ᠭᠡᠪᠡᠯ ᠳᠤᠤᠷᠠᠬᠢ ᠳᠤᠭ᠎ᠠ ᠪᠠᠷᠢᠮᠳᠠ ᠨᠤᠭᠤᠳ ᠢ ᠬᠠᠷᠠᠵᠤ 《ᠢᠳᠡᠭᠡᠯ ᠵᠤᠷᠢᠬ》 ᠠᠪᠴᠤᠪᠤᠯᠤᠨᠠ᠃ ᠳᠠᠮᠠᠬᠢ ᠳᠠᠳᠠᠵᠤ ᠪᠠᠶᠢᠬᠰᠠᠨ ᠬᠦᠮᠦᠨ ᠳᠠᠮᠠᠬᠢ ᠳᠠᠳᠠᠬᠤ ᠦᠭᠡᠢ ᠪᠤᠯᠤᠭᠠᠳ᠄
20 ᠮᠢᠨᠦ᠋ᠲ ᠪᠤᠯᠪᠠᠯ — ᠵᠢᠷᠦᠭᠡᠨ ᠴᠤᠬᠢᠯᠠᠭ᠎ᠠ ᠬᠡᠪ ᠤᠨ ᠪᠠᠶᠢᠳᠠᠯ ᠢᠶᠠᠨ ᠰᠡᠷᠭᠦᠭᠡᠵᠦ᠂ ᠳᠠᠮᠠᠬᠢ ᠳᠠᠳᠠᠬᠰᠠᠨ ᠠᠴᠠ ᠪᠤᠯᠵᠤᠳᠡᠭᠡᠭᠰᠢᠯᠡᠭᠰᠡᠨ ᠴᠢᠰᠦᠨ ᠳᠠᠷᠤᠯᠳᠠ ᠪᠠᠭᠤᠷᠠᠵᠤ ᠡᠭᠢᠯᠡᠨ᠎ᠠ᠃
2 ᠴᠠᠭ ᠪᠤᠯᠬᠤ ᠳᠤ — ᠵᠢᠷᠦᠭᠡᠨ ᠴᠤᠬᠢᠯᠠᠭ᠎ᠠ ᠪᠠ ᠴᠢᠰᠦᠨ ᠳᠠᠷᠤᠯᠳᠠ ᠪᠦᠷ ᠭᠡᠪ ᠤᠨ ᠪᠠᠶᠢᠳᠠᠯ ᠳᠠᠭᠠᠨ ᠤᠷᠤᠵᠤ᠂ ᠨᠢᠺᠤᠲ᠋ᠢᠨ ᠢ ᠪᠡᠶ᠎ᠡ ᠠᠴᠠ ᠪᠠᠨ ᠭᠠᠳᠠᠭᠰᠢᠯᠠᠭᠤᠯᠵᠤ ᠡᠭᠢᠯᠡᠨ᠎ᠠ᠃
12 ᠴᠠᠭ ᠪᠤᠯᠬᠤ ᠳᠤ — ᠬᠦᠮᠦᠨ ᠤ ᠪᠡᠶ᠎ᠡ ᠳᠤ ᠪᠤᠯᠤᠭᠰᠠᠨ ᠨᠢᠺᠦᠲ᠋ᠢᠨ ᠠᠴᠠ ᠪᠤᠯᠤᠭᠰᠠᠨ ᠤᠷᠪᠠᠯ ᠢ ᠴᠡᠪᠡᠷᠯᠡᠵᠦ ᠡᠭᠢᠯᠡᠨ᠎ᠠ᠂ᠡᠨᠡ ᠦᠶ᠎ᠠ ᠳᠤ ᠪᠡᠶ᠎ᠡ ᠶᠡᠭᠡ ᠵᠤᠪᠠᠨ᠎ᠠ᠃
3 ᠡᠳᠦᠷ ᠤᠨ ᠳᠠᠷᠠᠭ᠎ᠠ — ᠨᠢᠺᠦᠲ᠋ᠢᠨ ᠢ ᠴᠡᠪᠡᠷᠯᠡᠬᠦ ᠬᠡᠮᠵᠢᠶ᠎ᠠ ᠬᠠᠮᠤᠭ ᠤᠨ ᠶᠡᠭᠡ ᠪᠤᠯᠵᠤ᠂ ᠳᠤᠯᠤᠭᠠᠢ ᠡᠪᠡᠳᠬᠦ᠂ ᠳᠤᠷᠠᠪᠤᠯᠬᠢᠬᠤ ᠪᠤᠶᠤ ᠰᠡᠳᠭᠢᠯ ᠰᠠᠨᠠᠭ᠎ᠠ ᠳᠤᠭᠳᠠᠪᠤᠷᠢ ᠦᠭᠡᠢ ᠪᠤᠯᠬᠤ ᠪᠠᠶᠢᠳᠠᠯ ᠭᠠᠷᠴᠤ ᠮᠡᠳᠡᠨ᠎ᠠ᠃ ᠭᠡᠪᠡᠴᠦ ᠪᠡᠶ᠎ᠡ ᠳᠤᠳᠤᠷᠠᠬᠢ ᠨᠡᠭᠦᠷᠡᠰᠦᠳᠦ᠋ᠷᠦᠭᠴᠢ ᠶᠢᠨ ᠳᠠᠩ ᠢᠰᠦᠯ ᠤᠨ ᠬᠡᠮᠵᠢᠶ᠎ᠠ ᠨᠢᠭᠡᠨᠳᠡ ᠬᠡᠪ ᠤᠨ ᠪᠠᠶᠢᠳᠠᠯ ᠳᠠᠭᠠᠨ ᠤᠷᠤᠨ᠎ᠠ᠃ ᠠᠮᠳᠠ ᠪᠠ ᠦᠨᠦᠷ ᠤᠨᠰᠡᠷᠡᠯ ᠰᠡᠷᠭᠦᠵᠦ ᠬᠡᠪ ᠤᠨ ᠪᠠᠶᠢᠳᠠᠯ ᠲᠠᠢ ᠪᠤᠯᠤᠨ᠎ᠠ᠃
2 — 3 ᠭᠠᠷᠠᠭ ᠪᠤᠯᠪᠠᠯ — ᠠᠭᠤᠰᠬᠢ ᠳᠠᠮᠢᠷᠵᠢᠵᠤ᠂ ᠪᠡᠶ᠎ᠡ ᠶᠢᠨ ᠳᠤᠳᠤᠭᠠᠳᠤ ᠶᠢᠨ ᠡᠯ᠎ᠠ ᠵᠦᠢᠯ ᠤᠨ ᠡᠷᠭᠢᠯᠳᠡ ᠰᠠᠶᠢᠵᠢᠷᠠᠨ᠎ᠠ᠃
1 ᠰᠠᠷ᠎ᠠ ᠪᠤᠯᠬᠤ ᠳᠤ — ᠠᠷᠠᠰᠤᠨ ᠳᠤ ᠬᠤᠪᠢᠷᠠᠯᠳᠠ ᠭᠠᠷᠴᠤ᠂ ᠠᠷᠠᠰᠤᠨ ᠤ ᠵᠢᠪᠡᠷᠡᠭᠰᠡᠨ ᠦᠩᠭᠡ ᠨᠢ ᠠᠷᠢᠯᠵᠤ᠂ ᠠᠳᠤᠷᠢᠶ᠎ᠠ ᠦᠷᠴᠢᠯᠡᠭᠡ ᠬᠦᠶᠦᠭᠡᠨ ᠪᠤᠯᠤᠨ᠎ᠠ᠃
3 — 9 ᠰᠠᠷ᠎ᠠ ᠪᠤᠯᠬᠤ ᠳᠤ — ᠬᠠᠨᠢᠶᠠᠬᠤ ᠴᠦᠭᠡᠷᠡᠵᠦ᠂ ᠠᠭᠤᠰᠬᠢᠨ ᠤ ᠭᠡᠰᠡᠭ ᠤᠨ ᠬᠠᠯᠳᠠᠪᠤᠷᠢᠯᠠᠯ ᠤᠨ ᠠᠶᠤᠯ ᠪᠠᠭᠠᠰᠤᠨ᠎ᠠ᠃
1 ᠵᠢᠯ ᠤᠨ ᠳᠠᠷᠠᠭ᠎ᠠ — ᠳᠠᠮᠠᠬᠢ ᠳᠠᠳᠠᠬᠰᠠᠳ ᠲᠠᠢ ᠬᠠᠷᠢᠴᠠᠭᠤᠯᠪᠠᠯ ᠳᠢᠳᠢᠮᠯᠢᠭ ᠵᠢᠷᠦᠭᠡᠨ ᠡᠪᠡᠳᠴᠢᠨ ᠡᠭᠦᠰᠬᠦ ᠨᠤᠷᠮ᠎ᠠ ᠨᠢ50% ᠪᠠᠷ ᠪᠠᠭᠤᠷᠠᠨ᠎ᠠ᠃
2 — 5 ᠵᠢᠯ ᠳᠤ — ᠰᠠ ᠡᠪᠡᠳᠴᠢᠨ ᠡᠭᠦᠰᠬᠦ ᠨᠤᠷᠮ᠎ᠠ ᠨᠢ ᠪᠠᠭᠤᠷᠠᠭᠠᠳ ᠳᠠᠮᠠᠬᠢ ᠳᠠᠳᠠᠳᠠᠭ ᠦᠭᠡᠢ ᠬᠦᠮᠦᠰ ᠤᠨ ᠬᠢ ᠲᠠᠢ ᠤᠢᠢᠷᠠᠳᠤᠵᠤ ᠤᠴᠢᠨ᠎ᠠ᠃
5 ᠵᠢᠯ ᠤᠨ ᠳᠠᠷᠠᠭ᠎ᠠ — ᠠᠮᠠᠨ ᠬᠦᠨᠳᠡᠢ ᠶᠢᠨ ᠦᠮᠡᠨ᠂ ᠳᠦᠪᠦᠩᠬᠡᠢ ᠶᠢᠨ ᠦᠮᠡᠨ᠂ ᠤᠯᠠᠭᠠᠨ ᠬᠤᠭᠤᠯᠠᠢ ᠶᠢᠨ ᠦᠮᠡᠨ᠂ᠳᠠᠪᠤᠰᠠᠩ ᠤᠨ ᠦᠮᠡᠨ ᠡᠭᠦᠰᠬᠦ ᠠᠶᠤᠯ 50% ᠪᠠᠷ ᠪᠠᠭᠠᠰᠤᠨ᠎ᠠ᠃
15 ᠵᠢᠯ ᠪᠤᠯᠪᠠᠯ — ᠳᠢᠳᠢᠮᠯᠢᠭ ᠵᠢᠷᠦᠭᠡᠨ ᠡᠪᠡᠳᠴᠢᠨ ᠡᠭᠦᠰᠬᠦ ᠨᠤᠷᠮ᠎ᠠ ᠨᠢ ᠳᠠᠮᠠᠬᠢ ᠳᠠᠳᠠᠳᠠᠭ ᠦᠭᠡᠢ ᠬᠦᠮᠦᠰ ᠤᠨ ᠬᠢ ᠲᠠᠢ ᠠᠳᠠᠯᠢ ᠳᠦᠪᠰᠢᠨ ᠳᠤ ᠬᠦᠷᠦᠨ᠎ᠠ᠃
ᠰᠢᠨᠵᠢᠯᠡᠬᠦ ᠤᠬᠠᠭᠠᠨᠴᠢ ᠳᠠᠮᠠᠬᠢ ᠵᠤᠬᠰᠤᠭᠠᠬᠤ ᠠᠷᠭ᠎ᠠ ᠪᠠᠶᠢᠨ᠎ᠠ ᠤᠤ︖
ᠨᠢᠭᠡ ᠬᠦᠮᠦᠨ ᠨᠢᠭᠡ ᠨᠠᠰᠤᠨ ᠳᠠᠭᠠᠨ ᠦᠮᠡᠨ ᠠᠴᠠ ᠰᠡᠷᠭᠡᠶᠢᠯᠡᠬᠦ ᠨᠢᠭᠡ ᠯᠡ ᠠᠷᠭ᠎ᠠ ᠰᠤᠷᠴᠤ ᠳᠡᠶᠢᠯᠦᠨ᠎ᠠ ᠭᠡᠵᠦ ᠪᠤᠳᠤᠪᠠᠯ᠂ ᠳᠡᠷᠡ ᠨᠢ ᠳᠠᠮᠠᠬᠢ ᠠᠴᠠ ᠬᠤᠯᠠ ᠪᠠᠶᠢᠬᠤ ᠶᠠᠪᠤᠳᠠᠯ ᠪᠤᠯᠤᠨ᠎ᠠ᠃ ᠦᠨᠡᠨᠳᠡᠭᠡᠨ ᠳᠠᠮᠠᠬᠢ ᠳᠠᠲᠠᠬᠤ ᠶᠢ ᠵᠤᠬᠰᠤᠭᠠᠬᠤ ᠳᠤ ᠭᠠᠭᠴᠠᠬᠠᠨᠠᠷᠭᠠ ᠪᠠᠶᠢᠳᠠᠭ᠂ ᠳᠡᠷᠡ ᠨᠢ ᠦᠪᠡᠷ ᠢᠶᠠᠨ ᠯᠡ ᠵᠤᠷᠢᠬᠯᠠᠨᠠ᠃ ᠶᠠᠷᠢᠶᠠᠨ ᠦᠭᠡᠢ ᠦᠭᠡᠷ᠎ᠡ ᠪᠠᠰᠠ ᠤᠯᠠᠨ ᠤᠯᠠᠨ ᠳᠠᠮᠠᠬᠢ ᠪᠠᠨ ᠵᠤᠬᠰᠤᠭᠠᠬᠤ ᠳᠤ ᠬᠠᠪᠰᠤᠷᠤᠮᠵᠢ ᠪᠤᠯᠳᠠᠭ᠂ ᠪᠡᠶ᠎ᠡ ᠪᠠᠨ ᠳᠡᠮᠡᠢ ᠵᠤᠪᠠᠭᠠᠬᠤ ᠦᠭᠡᠢ ᠭᠡᠳᠡᠭ ᠠᠷᠭ᠎ᠠ ᠨᠤᠭᠤᠳ ᠪᠠᠶᠢᠳᠠᠭ ᠪᠠᠶᠢᠯᠭᠦᠢ᠂ᠳᠡᠳᠡᠭᠡᠷ ᠠᠴᠠ ᠠᠯᠢ ᠨᠢ ᠳᠡᠭᠡᠷ᠎ᠡ ᠪᠤᠢ ᠭᠡᠳᠡᠭ ᠳᠤᠬᠠᠢ ᠳᠤᠰᠬᠠᠢ ᠮᠡᠷᠭᠡᠵᠢᠯᠳᠡᠳ ᠤᠨ ᠦᠭᠭᠦᠭᠰᠡᠨ ᠰᠠᠨᠠᠭᠤᠯᠭ᠎ᠠ ᠠᠴᠠᠳᠠᠨᠢᠯᠴᠠᠭᠤᠯᠤᠶᠠ᠃
ᠡᠯᠧᠺᠲᠷᠦᠨ ᠳᠠᠮᠠᠭᠢ — ᠳᠡᠮᠡᠢ ᠭᠡᠷᠡᠭ ᠦᠭᠡᠢ
ᠡᠯᠧᠺᠲᠷᠦᠨ ᠳᠠᠮᠠᠬᠢ ᠶᠢ ᠳᠠᠮᠠᠬᠢ ᠵᠤᠬᠰᠤᠭᠠᠬᠤ ᠪᠦᠲᠦᠭᠡᠭᠳᠡᠭᠦᠨ ᠳᠤ ᠳᠤᠭᠠᠴᠢᠵᠤ ᠪᠤᠯᠬᠤ ᠦᠭᠡᠢ᠂ ᠳᠡᠭᠦᠨ ᠤ ᠦᠢᠯᠡᠳᠦᠯ ᠨᠢᠳᠤᠩ ᠪᠠᠭ᠎ᠠ ᠪᠤᠶᠤ ᠶᠠᠮᠠᠷ ᠴᠤ ᠦᠢᠯᠡᠳᠦᠯ ᠦᠭᠡᠢ ᠭᠡᠵᠦ ᠬᠡᠯᠡᠵᠦ ᠪᠤᠯᠤᠨ᠎ᠠ᠃ ᠳᠡᠭᠡᠭᠡᠳ ᠤᠳᠤᠬᠢ ᠵᠠᠬ᠎ᠠ ᠳᠡᠯᠭᠡᠭᠦᠷ ᠳᠡᠭᠡᠷᠡᠪᠤᠷᠤᠯᠠᠭᠤᠯᠵᠤ ᠪᠠᠶᠢᠭ᠎ᠠ ᠠᠯᠢ ᠤᠯᠠᠨ ᠡᠯᠧᠺᠲᠷᠦᠨ ᠳᠠᠮᠠᠬᠢ ᠨᠢ ᠪᠦᠷ ᠡᠯ᠎ᠠ ᠵᠦᠢᠯ ᠤᠨ ᠵᠦᠪᠰᠢᠶᠡᠷᠡᠯ ᠦᠭᠡᠢ ᠪᠦᠲᠦᠭᠡᠭᠳᠡᠭᠦᠨ ᠪᠠᠶᠢᠵᠤ᠂ᠦᠷ᠎ᠡ ᠠᠰᠢᠬ ᠢ ᠨᠢ ᠪᠠᠳᠤᠯᠠᠬᠤ ᠠᠷᠭ᠎ᠠ ᠦᠭᠡᠢ ᠪᠠᠶᠢᠳᠠᠭ᠃
ᠤᠶᠤᠨ ᠮᠡᠳᠡᠷᠡᠯ ᠤᠨ ᠡᠮᠴᠢᠯᠡᠭᠡ — 《ᠰᠡᠳᠭᠢᠯ ᠤᠨ ᠵᠢᠯᠪᠢ》 ᠶᠢ ᠠᠷᠢᠯᠭᠠᠵᠤ ᠳᠡᠶᠢᠯᠦᠨ᠎ᠠ
ᠳᠠᠮᠠᠬᠢ ᠳᠠᠳᠠᠳᠠᠭ ᠳᠠᠳᠬᠠᠯ ᠢᠶᠠᠨ ᠬᠤᠪᠢᠷᠠᠭᠤᠯᠵᠤ᠂ ᠠᠯᠪᠠ ᠪᠠᠷ ᠦᠪᠡᠷ ᠤᠨ ᠪᠡᠶ᠎ᠡ ᠳᠡᠭᠡᠨ ᠳᠠᠭ᠎ᠠ ᠦᠭᠡᠢ ᠪᠠᠶᠢᠳᠠᠯ ᠢ ᠪᠤᠢᠪᠤᠯᠭᠠᠨᠠ᠂ ᠵᠢᠱᠢᠶᠡᠯᠡᠪᠡᠯ ᠳᠠᠮᠠᠬᠢ ᠪᠠᠷᠤᠭ ᠪᠠᠷᠢᠳᠠᠭ ᠦᠭᠡᠢ ᠭᠠᠷ ᠢᠶᠠᠷ ᠢᠶᠠᠨ ᠳᠠᠮᠠᠬᠢ ᠪᠠᠨ ᠪᠠᠷᠢᠵᠤ ᠳᠠᠳᠠᠨ᠎ᠠ︔ ᠳᠠᠮᠠᠬᠢ ᠳᠠᠳᠠᠬᠤ ᠴᠠᠭᠪᠠ ᠭᠠᠵᠠᠷ ᠢᠶᠠᠨ ᠳᠤᠭᠳᠠᠭᠠᠵᠤ᠂ ᠳᠤᠭᠳᠠᠭᠰᠠᠨ ᠭᠠᠵᠠᠷ ᠳᠤᠭᠳᠠᠭᠰᠠᠨ ᠴᠠᠭ ᠲᠤ ᠳᠠᠮᠠᠬᠢ ᠳᠠᠳᠠᠨ᠎ᠠ︔ ᠳᠠᠮᠠᠬᠢ ᠵᠤᠬᠰᠤᠭᠠᠬᠤ ᠡᠳᠦᠷ ᠤᠨ ᠳᠡᠮᠳᠡᠭᠯᠡᠯ ᠪᠢᠴᠢᠨ᠎ᠠ︔ ᠳᠠᠮᠠᠬᠢ ᠢᠯᠡᠭᠦᠦ ᠳᠠᠳᠠᠳᠠᠭ ᠴᠠᠭ ᠬᠤᠭᠤᠴᠠᠭ᠎ᠠ ᠪᠠ ᠭᠠᠵᠠᠷ ᠢ ᠤᠨᠴᠠᠭᠠᠢ ᠠᠩᠬᠠᠷᠬᠤ ᠭᠡᠷᠡᠭᠳᠡᠢ︔ ᠳᠠᠮᠠᠬᠢ ᠳᠠᠳᠠᠮᠠᠷ ᠰᠠᠨᠠᠭᠳᠠᠬᠤ ᠦᠶ᠎ᠠ ᠳᠤ ᠪᠠᠷᠢᠨ ᠳᠠᠮᠠᠬᠢ ᠪᠠᠨ ᠭᠠᠷᠭᠠᠵᠤ ᠳᠠᠳᠠᠬᠤ ᠦᠭᠡᠢ ᠬᠠᠷᠢᠨ 3 ᠮᠢᠨᠦ᠋ᠲ ᠳᠡᠰᠴᠤ ᠪᠠᠶᠢᠭᠠᠳ ᠳᠠᠳᠠᠵᠤ ᠪᠤᠯᠤᠨ᠎ᠠ︔ ᠳᠡᠮᠠᠬᠢ ᠰᠠᠪᠠᠯᠠᠵᠤ ᠶᠠᠪᠤᠬᠤ ᠦᠭᠡᠢ᠂ ᠦᠪᠡᠷ ᠤᠨ ᠪᠡᠶ᠎ᠡ ᠳᠡᠭᠡᠨ ᠳᠠᠮᠠᠬᠢ ᠴᠢᠯᠦᠭᠡᠳᠡᠢ ᠳᠠᠳᠠᠵᠤ ᠪᠤᠯᠳᠠᠭ ᠦᠭᠡᠢ ᠤᠷᠴᠢᠨ ᠪᠤᠢ ᠪᠤᠯᠭᠠᠵᠤ ᠪᠤᠯᠤᠨ᠎ᠠ︔ ᠳᠠᠮᠠᠬᠢ ᠵᠤᠬᠰᠤᠭᠠᠬᠤ ᠪᠠᠷ ᠰᠢᠢᠳᠦᠭᠰᠡᠨ ᠳᠡᠷᠡ ᠡᠳᠦᠷ ᠠᠴᠠ ᠪᠠᠨ ᠡᠮᠦᠨ᠎ᠠ ᠨᠢᠭᠡ ᠡᠳᠦᠷ᠂ᠦᠯᠡᠳᠡᠭᠰᠡᠨ ᠳᠠᠮᠠᠬᠢ ᠴᠠᠬᠢᠭᠤᠷ ᠵᠢᠴᠢ ᠳᠠᠮᠠᠬᠢ ᠳᠠᠳᠠᠬᠤ ᠲᠠᠢ ᠬᠠᠮᠢᠶ᠎ᠠ ᠲᠠᠢ ᠵᠦᠢᠯ ᠢᠶᠠᠨ ᠴᠡᠪᠡᠷᠯᠡᠵᠦ ᠦᠭᠡᠢ ᠪᠤᠯᠭᠠᠨ᠎ᠠ︔ ᠳᠠᠮᠠᠬᠢ ᠵᠤᠬᠰᠤᠭᠠᠬᠤ ᠶᠠᠪᠤᠴᠠ ᠳᠤ ᠪᠡᠶ᠎ᠡ ᠵᠤᠪᠠᠭ᠋ᠤ ᠨᠢ ᠶᠠᠷᠢᠶᠠᠨ ᠦᠭᠡᠢ᠂ ᠳᠡᠷᠡ ᠦᠶ᠎ᠠ ᠳᠤ ᠡᠨᠡ ᠪᠤᠯ ᠳᠠᠮᠠᠬᠢᠨ ᠤ ᠬᠤᠤᠷ ᠪᠡᠶ᠎ᠡ ᠠᠴᠠ ᠴᠢᠨᠢᠭᠠᠳᠠᠭᠰᠢᠯᠠᠵᠤ ᠪᠠᠶᠢᠨ᠎ᠠ ᠭᠡᠳᠡᠭ ᠢ ᠪᠤᠳᠤ᠂ ᠪᠡᠶ᠎ᠡ ᠳᠡᠭᠡᠨ ᠵᠤᠷᠢᠬ ᠦᠭ᠃
ᠬᠢᠳᠠᠳ ᠡᠮᠨᠡᠯᠭᠡ ᠶᠢᠨ ᠠᠷᠭ᠎ᠠ — ᠳᠤᠷᠰᠢᠨ ᠦᠵᠡᠵᠦ ᠪᠤᠯᠤᠨ᠎ᠠ
ᠬᠢᠳᠠᠳ ᠡᠮᠨᠡᠯᠭᠡ ᠪᠠᠷ ᠳᠠᠮᠠᠬᠢ ᠵᠤᠬᠰᠤᠭᠠᠬᠤ ᠭᠡᠳᠡᠭ ᠨᠢ ᠬᠢᠳᠠᠳ ᠡᠮᠨᠡᠯᠭᠡ ᠶᠢᠨ ᠡᠮᠴᠢ ᠠᠴᠠ ᠬᠤᠪᠢᠰᠤᠩᠭᠤᠢ ᠤᠨᠤᠰᠢ ᠳᠠᠯᠪᠢᠵᠤ᠂ ᠡᠮ᠂ ᠡᠮ ᠲᠠᠢ ᠴᠠᠢ ᠤᠤᠭᠤᠯᠭᠠᠬᠤ᠂ ᠪᠠᠰᠠ ᠵᠡᠭᠦᠦ ᠳᠦᠭᠡᠨᠡᠯᠭᠡ᠂ ᠢᠯᠢᠯᠭᠡ ᠨᠤᠬᠤᠯᠠᠭ᠎ᠠ᠂ ᠵᠢᠩ ᠳᠠᠯᠪᠢᠬᠤ ᠵᠡᠷᠭᠡᠠᠷᠭ᠎ᠠ ᠬᠠᠪᠰᠤᠷᠭᠠᠨ ᠭᠡᠷᠡᠭᠯᠡᠵᠦ ᠳᠠᠮᠠᠬᠢ ᠳᠠᠳᠠᠭᠰᠠᠳ ᠤᠨ ᠳᠠᠮᠠᠬᠢᠨ ᠤ ᠵᠢᠯᠪᠢ ᠶᠢ ᠠᠷᠢᠯᠭᠠᠬᠤ ᠠᠷᠭ᠎ᠠ ᠪᠤᠯᠤᠨ᠎ᠠ᠃ ᠭᠡᠪᠡᠴᠦ ᠳᠠᠮᠠᠬᠢᠵᠤᠬᠰᠤᠭᠠᠬᠤ ᠬᠢᠳᠠᠳ ᠡᠮᠨᠡᠯᠭᠡ ᠶᠢᠨ ᠠᠷᠭ᠎ᠠ ᠨᠢ ᠮᠦᠨ ᠰᠤᠳᠤᠯᠭᠠᠨ ᠤ ᠶᠠᠪᠤᠴᠠ ᠳᠠᠭᠠᠨ ᠪᠠᠶᠢᠵᠤ᠂ ᠦᠷ᠎ᠡ ᠠᠰᠢᠬ ᠨᠢ ᠶᠠᠮᠠᠷ ᠪᠤᠯᠬᠤ ᠶᠢ ᠤᠯᠠᠮ ᠨᠢᠭᠡ ᠠᠯᠬᠤᠮ ᠨᠤᠳᠠᠯᠠᠬᠤ ᠴᠢᠬᠤᠯᠠᠳᠠᠢ ᠪᠠᠶᠢᠨ᠎ᠠ᠃
ᠡᠮ ᠭᠡᠷᠡᠭᠯᠡᠬᠦ — ᠡᠮᠴᠢ ᠶᠢᠨ ᠵᠢᠯᠤᠭᠤᠳᠤᠯᠭ᠎ᠠ ᠶᠢ ᠳᠠᠭᠠᠬᠤ ᠭᠡᠷᠡᠭᠳᠡᠢ
ᠮᠠᠨ ᠤ ᠤᠯᠤᠰ ᠤᠨ 《ᠳᠤᠮᠳᠠᠳᠤ ᠤᠯᠤᠰ ᠤᠨ ᠡᠮᠴᠢᠯᠡᠭᠡᠨ ᠢᠶᠠᠷ ᠳᠠᠮᠠᠬᠢ ᠵᠤᠬᠰᠤᠭᠠᠬᠤ ᠵᠦᠭᠯᠡᠭᠦᠷ》 ᠲᠤ ᠨᠢᠺᠦᠲ᠋ᠢᠨ ᠢᠤᠷᠤᠯᠠᠭᠤᠯᠬᠤ ᠳᠤ ᠭᠡᠷᠡᠭᠯᠡᠬᠦ ᠡᠮ ᠵᠡᠷᠭᠡ 3 ᠵᠦᠢᠯ ᠤᠨ ᠡᠮ ᠢ ᠡᠮᠴᠢᠯᠡᠭᠡᠨ ᠳᠤ ᠭᠡᠷᠡᠭᠯᠡᠵᠤ ᠪᠤᠯᠬᠤ ᠶᠢ ᠳᠠᠨᠢᠯᠴᠠᠭᠤᠯᠤᠭᠰᠠᠨ ᠪᠠᠶᠢᠳᠠᠭ᠃ ᠳᠡᠳᠡᠭᠡᠷ ᠡᠮ ᠨᠢ ᠳᠠᠮᠠᠬᠢ ᠵᠤᠬᠰᠤᠭᠠᠬᠤ ᠳᠤ ᠵᠤᠬᠢᠬᠤ ᠳᠤᠰᠠ ᠪᠤᠯᠳᠠᠭ ᠨᠢ ᠯᠠᠪᠳᠠᠢ᠂ ᠭᠡᠪᠡᠴᠦ ᠡᠷᠭᠡᠪᠰᠢ ᠡᠮᠴᠢ ᠶᠢᠨ ᠵᠢᠯᠤᠭᠤᠳᠤᠯᠭ᠎ᠠ ᠪᠠᠷ ᠭᠡᠷᠡᠭᠯᠡᠬᠦ ᠭᠡᠷᠡᠭᠳᠡᠢ᠃
ᠳᠠᠮᠠᠬᠢ ᠳᠠᠳᠠᠬᠤ ᠨᠢ ᠳᠠᠮ ᠢᠶᠠᠷ ᠵᠢᠰᠤ ᠪᠠᠨ ᠡᠪᠳᠡᠵᠦ ᠪᠠᠶᠢᠭ᠎ᠠ ᠶᠠᠪᠤᠳᠠᠯ
ᠳᠠᠮᠠᠬᠢᠨ ᠤ ᠬᠤᠤᠷ ᠨᠢ ᠵᠦᠪᠬᠡᠨ ᠠᠭᠤᠰᠬᠢ ᠶᠢ ᠬᠤᠬᠢᠷᠠᠭᠤᠯᠳᠠᠭ ᠳᠡᠳᠦᠢ ᠦᠭᠡᠢ᠂ ᠬᠦᠮᠦᠨ ᠤ ᠪᠡᠶ᠎ᠡ ᠳᠤ 《ᠳᠤᠳᠤᠷ᠎ᠠ ᠠᠴᠠ ᠭᠠᠳᠠᠨ᠎ᠠ ᠨᠢ ᠬᠦᠷᠳᠡᠯ᠎ᠠ》 ᠬᠤᠬᠢᠷᠠᠯ ᠬᠤᠪᠢᠷᠠᠯᠳᠠ ᠠᠪᠴᠢᠷᠠᠳᠠᠭ᠃ ᠬᠠᠮᠤᠭ ᠤᠨ ᠢᠯᠡᠷᠭᠡᠢ ᠮᠡᠳᠡᠭᠳᠡᠳᠡᠭ ᠨᠢ ᠬᠦᠮᠦᠨ ᠤ ᠦᠩᠭᠡᠵᠢᠰᠦᠨ ᠳᠤ ᠬᠤᠪᠢᠷᠠᠯᠳᠠ ᠭᠠᠷᠭᠠᠳᠠᠭ᠃
ᠨᠢᠺᠦᠲ᠋ᠢᠨ ᠠᠮᠠᠷᠬᠠᠨ ᠨᠦᠢᠷ ᠬᠤᠯᠵᠢᠭᠤᠯᠳᠠᠭ᠂ ᠳᠠᠮᠠᠬᠢ ᠳᠠᠳᠠᠭᠰᠠᠳ ᠤᠨ ᠠᠨᠢᠰᠬ᠎ᠠ ᠤᠨᠵᠢᠬᠤ ᠨᠤᠷᠮ᠎ᠠ ᠳᠠᠮᠠᠬᠢ ᠳᠠᠳᠠᠳᠠᠭ ᠦᠭᠡᠢ ᠬᠦᠮᠦᠨ ᠠᠴᠠ 4 ᠳᠠᠬᠢᠨ ᠢᠯᠡᠭᠦᠦ ᠪᠠᠶᠢᠳᠠᠭ᠃
ᠨᠢᠺᠦᠲ᠋ᠢᠨ ᠨᠢ ᠰᠢᠳᠦ᠂ ᠬᠤᠷᠤᠭᠤ ᠶᠢ ᠰᠢᠷᠠᠯᠠᠭᠤᠯᠳᠠᠭ᠃ᠳᠠᠮᠠᠬᠢ ᠳᠠᠳᠠᠭᠰᠠᠨ ᠠᠴᠠ ᠪᠤᠯᠵᠤ ᠬᠦᠮᠦᠨ ᠤ ᠪᠡᠶ᠎ᠡ ᠶᠢᠨ ᠡᠰ ᠡᠷᠭᠡᠳᠡᠨ ᠤ ᠦᠳᠡᠯᠬᠦ ᠨᠢ ᠳᠦᠷᠭᠡᠰᠳᠡᠭ᠂ ᠳᠠᠮᠠᠬᠢ ᠳᠠᠳᠠᠭᠰᠠᠳ ᠨᠢ ᠦᠶ᠎ᠠ ᠬᠤᠷᠠᠭ ᠤᠨ ᠬᠦᠮᠦᠰ ᠠᠴᠠ ᠪᠠᠨ 1.4 ᠨᠠᠰᠤ ᠠᠬ᠎ᠠ ᠬᠠᠷᠠᠭᠳᠠᠳᠠᠭ᠃
ᠳᠠᠮᠠᠬᠢ ᠳᠠᠳᠠᠭᠰᠠᠳ ᠤᠨ ᠭᠡᠵᠢᠭᠡ ᠨᠠᠷᠢᠰᠴᠤ᠂ ᠬᠠᠷ᠎ᠠ ᠦᠩᠭᠡ ᠶᠢᠨ ᠡᠳ᠋ ᠨᠢ ᠪᠠᠭᠠᠰᠴᠤ᠂ ᠭᠡᠵᠢᠭᠡ ᠨᠢ ᠠᠭᠠᠵᠢᠮ ᠢᠶᠠᠷ ᠰᠠᠭᠠᠷᠠᠯᠪᠤᠯᠳᠠᠭ᠃ ᠳᠠᠶᠢᠸᠠᠨ ᠤ ᠰᠤᠳᠤᠯᠭᠠᠴᠢᠳ ᠤᠨ ᠢᠯᠡᠷᠡᠭᠦᠯᠦᠭᠰᠡᠨ ᠢᠶᠠᠷ᠂ ᠨᠠᠰᠤ ᠵᠢᠯ ᠤᠨ ᠵᠦᠷᠢᠶ᠎ᠡ ᠪᠠ ᠤᠳᠤᠮᠯᠠᠯ ᠤᠨ ᠡᠯᠧᠮᠧᠨ᠋ᠲᠤᠷᠤᠰᠢᠬᠤ ᠦᠭᠡᠢ ᠪᠠᠶᠢᠳᠠᠯ ᠳᠤ᠂ ᠳᠠᠮᠠᠬᠢ ᠳᠠᠳᠠᠭᠰᠠᠳ ᠤᠨ ᠬᠠᠯᠵᠠᠷᠠᠬᠤ ᠨᠤᠷᠮ᠎ᠠ ᠨᠢ ᠳᠠᠮᠠᠬᠢ ᠳᠠᠳᠠᠳᠠᠭ ᠦᠭᠡᠢ ᠬᠦᠮᠦᠨ ᠠᠴᠠ ᠨᠢᠭᠡᠳᠠᠬᠢᠨ ᠢᠯᠡᠭᠦᠦ ᠪᠠᠶᠢᠭ᠎ᠠ ᠶᠤᠮ ᠪᠠᠶᠢᠨ᠎ᠠ᠃
ᠨᠢᠺᠦᠲ᠋ᠢᠨ ᠠᠴᠠ ᠪᠤᠯᠵᠤ ᠴᠢᠰᠦᠨ ᠰᠤᠳᠠᠯ ᠠᠪᠴᠢᠵᠤ᠂ ᠰᠢᠷᠬ᠎ᠠ ᠡᠳᠡᠭᠡᠬᠦ ᠨᠢ ᠤᠳᠠᠭᠠᠨ ᠪᠤᠯᠳᠠᠭ ᠮᠦᠷᠳᠡᠭᠡᠨ ᠢᠯᠡ ᠳᠤᠳᠤ ᠰᠤᠷᠪᠢ ᠦᠯᠡᠳᠡᠳᠡᠭ᠃
ᠳᠠᠮᠠᠬᠢ ᠳᠠᠳᠠᠬᠤ ᠪᠤᠯ ᠪᠤᠶᠢᠯᠠ ᠶᠢᠨ ᠦᠷᠪᠢᠰᠦᠯ ᠡᠭᠦᠰᠭᠡᠬᠦ ᠠᠶᠤᠯ ᠲᠠᠢ ᠡᠯᠧᠮᠧᠨ᠋ᠲ ᠤᠨ ᠨᠢᠭᠡ᠂ ᠳᠠᠮᠠᠬᠢᠨ ᠤ ᠤᠳᠤᠭ᠎ᠠ ᠨᠢ ᠰᠢᠳᠦᠨ ᠤ ᠦᠩᠭᠡᠨ ᠳᠠᠯ᠎ᠠ ᠳᠤ ᠳᠤᠯᠪᠤ ᠭᠠᠷᠬᠤ ᠪᠠ ᠰᠢᠳᠦᠨ ᠤ ᠬᠠᠬ ᠭᠠᠷᠬᠤ ᠶᠢ ᠳᠦᠷᠭᠡᠳᠭᠡᠳᠡᠭ ᠤᠨ ᠤᠯᠠᠮ ᠠᠴᠠ ᠪᠤᠶᠢᠯᠠ ᠶᠢᠨᠡᠪᠡᠳᠴᠢᠨ ᠡᠮᠬᠡᠭ ᠡᠭᠦᠰᠭᠡᠳᠡᠭ᠃
ᠳᠠᠮᠠᠬᠢᠨ ᠤᠳᠤᠭᠠᠨ ᠳᠠᠬᠢ ᠨᠡᠭᠦᠷᠡᠰᠦᠳᠦ᠋ᠷᠦᠭᠴᠢ ᠶᠢᠨ ᠳᠠᠩ ᠢᠰᠦᠯ ᠨᠢ ᠨᠢᠭᠤᠷ ᠤᠨ ᠠᠷᠠᠰᠤᠨ ᠳᠠᠬᠢ ᠬᠦᠴᠢᠯᠳᠦ᠋ᠷᠦᠭᠴᠢ ᠶᠢᠤᠷᠤᠯᠡᠵᠦ᠂ ᠨᠢᠺᠦᠲ᠋ᠢᠨ ᠲᠠᠢ ᠨᠡᠶᠢᠯᠡᠵᠦ ᠴᠢᠰᠦᠨ ᠤ ᠡᠷᠭᠢᠯᠳᠡ ᠶᠢ ᠮᠠᠭᠤᠳᠠᠭᠤᠯᠵᠤ ᠠᠷᠠᠰᠤ ᠶᠢ ᠬᠠᠭᠤᠷᠠᠶᠢᠰᠢᠭᠤᠯᠳᠠᠭ᠃ ᠡᠭᠦᠨ ᠠᠴᠠ ᠭᠠᠳᠠᠨ᠎ᠠ᠂ ᠳᠠᠮᠠᠬᠢ ᠳᠠᠳᠠᠭᠰᠠᠳ ᠤᠨ ᠠᠷᠠᠰᠤᠨ ᠤ ᠦᠮᠡᠨ ᠳᠤ ᠨᠡᠷᠪᠡᠭᠳᠡᠬᠦ ᠠᠶᠤᠯ ᠨᠢ ᠳᠠᠮᠠᠬᠢ ᠳᠠᠳᠠᠳᠠᠭ ᠦᠭᠡᠢ ᠬᠦᠮᠦᠨ ᠤ 3 ᠳᠠᠬᠢᠨᠪᠠᠶᠢᠳᠠᠭ᠃
ᠳᠠᠮᠠᠬᠢᠨ ᠳᠠᠬᠢ ᠨᠢᠺᠦᠲ᠋ᠢᠨ ᠨᠢ ᠠᠷᠠᠰᠤᠨ ᠤ ᠰᠢᠷᠭᠡᠭᠯᠢᠭ ᠪᠠ ᠬᠤᠯᠪᠤᠬᠤ ᠨᠡᠭᠡᠳᠡᠰᠦ ᠶᠢ ᠡᠪᠳᠡᠵᠦ ᠠᠷᠠᠰᠤᠨ ᠤ ᠤᠶᠠᠨ ᠬᠠᠳᠠᠨᠴᠢᠨᠠᠷ ᠢ ᠠᠯᠳᠠᠭᠤᠯᠳᠠᠭ᠃
ᠬᠤᠯᠠᠨᠳ᠋ ᠤᠨ ᠰᠤᠳᠤᠯᠭᠠᠴᠢᠳ ᠤᠨ ᠰᠤᠳᠤᠯᠭᠠᠨ ᠤ ᠳ᠋ᠦᠩ ᠠᠴᠠ ᠦᠵᠡᠪᠡᠯ᠂ ᠳᠠᠮᠠᠬᠢ ᠳᠠᠳᠠᠭᠰᠠᠳ ᠤᠨ ᠪᠡᠶ᠎ᠡ ᠶᠢᠨ ᠳᠤᠳᠤᠷᠡᠷᠭᠡᠳᠡᠨ ᠤ ᠦᠭᠡᠬᠦ ᠨᠡᠮᠡᠭᠳᠡᠵᠦ᠂ ᠰᠢᠬᠢᠷ ᠰᠢᠵᠢᠩ ᠡᠪᠡᠳᠴᠢᠨ ᠵᠡᠷᠭᠡ ᠰᠢᠨ᠎ᠠ ᠬᠠᠭᠤᠴᠢᠨ ᠤ ᠰᠤᠯᠢᠯᠴᠠᠭᠠᠨ ᠤ ᠡᠪᠡᠳᠴᠢᠨ ᠤ ᠠᠶᠤᠯᠨᠡᠮᠡᠭᠳᠡᠳᠡᠭ᠃
ᠳᠠᠮᠠᠬᠢᠨ ᠤ ᠳᠠᠯᠳᠠ ᠬᠦᠨᠦᠭᠡᠯ
ᠳᠠᠮᠠᠬᠢ ᠳᠠᠳᠠᠭᠰᠠᠨ ᠠᠴᠠ ᠪᠤᠯᠤᠭᠰᠠᠨ ᠬᠤᠤᠷ ᠨᠦᠯᠦᠭᠡ ᠨᠢ ᠳᠠᠮᠠᠬᠢ ᠳᠠᠳᠠᠵᠤ ᠰᠤᠷᠤᠭᠰᠠᠨ ᠠᠴᠠ 15 — 20 ᠵᠢᠯ ᠤᠨᠳᠠᠷᠠᠭᠠ ᠢᠯᠡᠷᠡᠳᠡᠭ᠃ ᠶᠠᠭᠤ ᠪᠤᠯᠤᠭᠰᠠᠨ ᠨᠢ ᠨᠢᠳᠤᠨ ᠳᠤ ᠬᠠᠷᠠᠭᠳᠠᠬᠤ ᠦᠭᠡᠢ ᠪᠠᠶᠢᠪᠠᠴᠤ ᠪᠡᠶ᠎ᠡ ᠳᠤ ᠴᠢᠨᠢ ᠡᠪᠡᠳᠴᠢᠨ ᠡᠮᠭᠡᠭ ᠤᠨ ᠭᠡᠮ ᠰᠤᠭᠤᠭ ᠡᠭᠦᠷᠯᠡᠴᠢᠬᠡᠭᠰᠡᠨ ᠪᠠᠶᠢᠵᠤ ᠮᠡᠳᠡᠨ᠎ᠠ᠃
ᠴᠢᠰᠦᠨ ᠰᠤᠳᠠᠯ ᠢ ᠭᠡᠮᠳᠦᠭᠡᠨ᠎ᠠ᠃ ᠳᠠᠬᠤᠯ ᠡᠪᠡᠳᠴᠢᠨ ᠤ ᠰᠤᠳᠤᠯᠭᠠᠨ ᠤ ᠪᠠᠶᠢᠴᠠᠭᠠᠯᠳᠠ ᠠᠴᠠ ᠦᠵᠡᠪᠡᠯ᠂ ᠳᠠᠮᠠᠬᠢ ᠳᠠᠳᠠᠭᠰᠠᠳ ᠤᠨ ᠳᠢᠳᠢᠮᠯᠢᠭ ᠵᠢᠷᠦᠭᠡᠨ ᠡᠪᠡᠳᠴᠢᠨ᠂ ᠰᠠ ᠡᠪᠡᠳᠴᠢᠨ ᠵᠢᠴᠢ ᠡᠷᠭᠢᠨ ᠤ ᠴᠢᠰᠦᠨ ᠰᠤᠳᠠᠯ ᠤᠨ ᠡᠪᠡᠳᠴᠢᠨ ᠡᠭᠦᠰᠬᠦᠨᠤᠷᠮᠠ ᠢᠯᠡᠷᠭᠡᠢ ᠨᠡᠮᠡᠭᠳᠡᠳᠡᠭ᠃ ᠳᠠᠮᠠᠬᠢ ᠳᠠᠳᠠᠭᠰᠠᠳ ᠤᠨ ᠰᠠ ᠡᠪᠡᠳᠴᠢᠨ ᠳᠤ ᠨᠡᠷᠪᠡᠭᠳᠡᠬᠦ ᠠᠶᠤᠯ ᠳᠠᠮᠠᠬᠢ ᠳᠠᠳᠠᠳᠠᠭ ᠦᠭᠡᠢᠬᠦᠮᠦᠨ ᠤ ᠬᠢ ᠠᠴᠠ 2 — 3.5 ᠳᠠᠬᠢᠨ ᠶᠡᠭᠡ ᠪᠠᠶᠢᠳᠠᠭ︔ ᠬᠡᠷᠪᠡ ᠳᠠᠮᠠᠬᠢ ᠳᠠᠳᠠᠳᠠᠭ ᠪᠦᠭᠡᠳ ᠴᠢᠰᠦᠨ ᠳᠠᠷᠤᠯᠳᠠ ᠦᠨᠳᠦᠷᠪᠤᠯ ᠰᠠ ᠡᠪᠡᠳᠴᠢᠨ ᠤ ᠠᠶᠤᠯ ᠨᠢ 20 ᠳᠠᠬᠢᠨ ᠢᠶᠠᠷ ᠨᠡᠮᠡᠭᠳᠡᠨ᠎ᠠ᠃
ᠠᠭᠤᠰᠬᠢ ᠶᠢ ᠬᠤᠬᠢᠷᠠᠭᠤᠯᠤᠨ᠎ᠠ᠃ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠨ ᠪᠤᠯ ᠳᠡᠯᠡᠬᠡᠢ ᠶᠢᠨ ᠳᠦᠷᠪᠡᠳᠦᠭᠡᠷ ᠲᠤ ᠤᠷᠤᠬᠤ ᠦᠬᠦᠯ ᠤᠨ ᠠᠶᠤᠯ ᠪᠤᠯᠤᠨ᠎ᠠ᠃ ᠳᠠᠮᠠᠬᠢ ᠳᠠᠳᠠᠬᠤ ᠪᠤᠯ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠨ ᠡᠭᠦᠰᠭᠡᠬᠦ ᠨᠢᠭᠡᠳᠦᠭᠡᠷ ᠲᠤ ᠤᠷᠤᠬᠤ ᠡᠯᠧᠮᠧᠨ᠋ᠲ ᠪᠤᠯᠤᠨ᠎ᠠ᠂ ᠤᠵᠢᠬ ᠳᠦᠭᠵᠢᠷᠡᠭᠰᠡᠨ ᠴᠢᠨᠠᠷᠳᠠᠢ ᠠᠭᠤᠰᠬᠢᠨ ᠡᠪᠡᠳᠴᠢᠳᠠᠨ ᠤ 8 ᠬᠤᠪᠢ ᠨᠢ ᠳᠠᠮᠠᠬᠢᠴᠢᠨ ᠪᠠᠶᠢᠳᠠᠭ᠃
ᠪᠡᠯᠭᠡ ᠶᠢᠨ ᠴᠢᠳᠠᠪᠬᠢ ᠶᠢ ᠨᠦᠯᠦᠭᠡᠯᠡᠳᠡᠭ᠃ ᠰᠤᠳᠤᠯᠭᠠᠨ ᠪᠠ ᠡᠮᠴᠢᠯᠡᠭᠡᠨ ᠤ ᠵᠢᠱᠢᠶ᠎ᠠ ᠠᠴᠠ ᠦᠵᠡᠪᠡᠯ᠂ ᠳᠠᠮᠠᠬᠢ ᠳᠠᠳᠠᠬᠤ ᠨᠢ ᠡᠷᠡᠭᠳᠡᠶᠢᠴᠤᠳ ᠤᠨ ᠪᠡᠯᠭᠡ ᠶᠢᠨ ᠴᠢᠳᠠᠪᠬᠢ᠂ ᠤᠨᠴᠠᠭᠠᠢᠢᠯᠠᠨ ᠬᠦᠪᠴᠢᠷᠬᠡᠢ ᠬᠠᠳᠠᠭᠤᠷᠠᠬᠤ ᠶᠢ ᠨᠦᠯᠦᠭᠡᠯᠡᠳᠡᠭ᠂ ᠡᠷ᠎ᠡ ᠪᠡᠯᠭᠡ ᠶᠢᠨᠰᠤᠯᠠᠷᠠᠯ ᠤᠨ ᠡᠪᠡᠳᠴᠢᠳᠠᠨ ᠤ 65% ᠢᠯᠡᠭᠦᠦ ᠨᠢ ᠳᠠᠮᠠᠬᠢᠴᠢᠨ ᠪᠠᠶᠢᠭ᠎ᠠ ᠶᠤᠮ ᠪᠠᠶᠢᠨ᠎ᠠ᠃ ᠨᠢᠺᠦᠲ᠋ᠢᠨ ᠨᠢ ᠤᠷᠭᠤᠮᠠᠯᠯᠢᠬ ᠮᠡᠳᠡᠷᠡᠯ ᠢ ᠮᠢᠨᠴᠤᠷᠡᠭᠦᠯᠬᠦ ᠪᠠ ᠳᠠᠷᠤᠳᠠᠭ ᠠᠴᠠ ᠪᠤᠯᠵᠤ᠂ ᠳᠠᠴᠢᠶᠠᠯ ᠳᠦᠷᠦᠬᠦ ᠦᠭᠡᠢ ᠪᠤᠯᠵᠤ᠂ ᠬᠦᠪᠴᠢᠷᠭᠡᠢ ᠶᠢᠨ ᠬᠠᠳᠠᠭᠤᠷᠠᠬᠤ ᠴᠢᠳᠠᠪᠤᠷᠢᠮᠠᠭᠤᠳᠠᠳᠠᠭ᠃
ᠬᠤᠳᠤᠭᠤᠳᠤ ᠶᠢ ᠭᠡᠮᠳᠦᠭᠡᠨ᠎ᠠ᠃ ᠳᠠᠮᠠᠬᠢ ᠳᠠᠳᠠᠭᠰᠠᠨ ᠠᠴᠠ ᠪᠤᠯᠵᠤ ᠤᠵᠢᠬ ᠬᠤᠳᠤᠭᠤᠳᠤᠨ ᠦᠷᠪᠢᠰᠦᠯ ᠳᠤ ᠨᠡᠷᠪᠡᠭᠳᠡᠭᠰᠡᠨᠵᠢᠱᠢᠶᠠ ᠡᠮᠴᠢᠯᠡᠭᠡᠨ ᠳᠤ ᠤᠯᠠᠨ ᠳᠤᠬᠢᠶᠠᠯᠳᠤᠳᠠᠭ ᠶᠤᠮ ᠪᠠᠶᠢᠨ᠎ᠠ᠂ ᠳᠡᠭᠦᠨ ᠤ ᠰᠢᠯᠳᠠᠭᠠᠨ ᠨᠢ ᠭᠤᠷᠪᠠ ᠪᠠᠶᠢᠳᠠᠭ ᠭᠡᠨ᠎ᠠ᠄
ᠨᠢᠺᠦᠲ᠋ᠢᠨ ᠬᠤᠳᠤᠭᠤᠳᠤᠨ ᠤ ᠰᠠᠯᠢᠰᠤᠳᠤ ᠪᠦᠷᠭᠦᠪᠴᠢ ᠶᠢᠨ ᠳᠤᠤᠷᠠᠬᠢ ᠴᠢᠰᠦᠨ ᠰᠤᠳᠠᠯ ᠢ ᠠᠪᠴᠢᠭᠤᠯᠵᠤ ᠵᠠᠩᠭᠢᠷᠠᠭᠤᠯᠳᠠᠭ ᠠᠴᠠ ᠰᠠᠯᠢᠰᠤᠳᠤ ᠪᠦᠷᠭᠦᠪᠴᠢ ᠳᠤ ᠴᠢᠰᠦ ᠳᠤᠳᠠᠬᠤ ᠬᠦᠴᠢᠯᠳᠦ᠋ᠷᠦᠭᠴᠢ ᠳᠤᠳᠠᠬᠤ ᠪᠠᠶᠢᠳᠠᠯ ᠢ ᠪᠤᠢ ᠪᠤᠯᠭᠠᠨ᠂ ᠬᠤᠳᠤᠭᠤᠳᠤᠨ ᠤᠰᠠᠯᠢᠰᠤᠳᠤ ᠪᠦᠷᠭᠦᠪᠴᠢ ᠶᠢᠨ ᠪᠦᠷᠢᠨ ᠪᠦᠳᠦᠨ ᠢ ᠡᠪᠳᠡᠳᠡᠭ᠃
ᠨᠢᠺᠦᠲ᠋ᠢᠨ ᠬᠤᠳᠤᠭᠤᠳᠤᠨ ᠤ ᠢᠷᠦᠭᠠᠷ ᠤᠨ ᠪᠤᠯᠴᠢᠩ ᠢ ᠰᠤᠯᠠᠳᠠᠭᠤᠯᠵᠤ᠂ ᠰᠦᠰᠦᠨ ᠤ ᠰᠢᠩᠭᠡᠨ ᠭᠡᠳᠡᠷᠬᠦ ᠤᠷᠤᠰᠳᠠᠭ᠂ ᠰᠦᠰᠦᠨ ᠤ ᠰᠢᠩᠭᠡᠨ ᠨᠢ ᠬᠤᠳᠤᠭᠤᠳᠤᠨ ᠤ ᠰᠠᠯᠢᠰᠤᠳᠤ ᠪᠦᠷᠭᠦᠪᠴᠢ ᠶᠢ ᠡᠪᠳᠡᠵᠦ᠂ ᠰᠠᠯᠢᠰᠤᠳᠤ ᠪᠦᠷᠭᠦᠪᠴᠢ ᠢᠯᠵᠠᠷᠠᠬᠤ᠂ᠦᠷᠪᠢᠰᠦᠯ ᠡᠭᠦᠰᠬᠦ ᠪᠠᠶᠢᠳᠠᠯ ᠢ ᠪᠤᠢ ᠪᠤᠯᠭᠠᠳᠠᠭ᠃
ᠳᠠᠮᠠᠬᠢ ᠳᠠᠳᠠᠬᠤ ᠨᠢ ᠬᠤᠳᠤᠭᠤᠳᠤᠨ ᠤ ᠭᠦᠷᠪᠡᠯᠵᠡᠨ ᠬᠦᠳᠡᠯᠬᠦ ᠶᠢ ᠠᠬᠢᠭᠤᠯᠵᠤ᠂ ᠬᠤᠳᠤᠭᠤᠳᠤᠨ ᠤ ᠬᠦᠴᠢᠯ ᠢᠯᠭᠠᠷᠠᠭᠤᠯᠬᠤᠬᠡᠮᠵᠢᠶᠠ ᠶᠢ ᠨᠡᠮᠡᠭᠳᠡᠭᠦᠯᠦᠨ᠂ ᠬᠤᠳᠤᠭᠤᠳᠤᠨ ᠤ ᠰᠠᠯᠢᠰᠤᠳᠤ ᠪᠦᠷᠭᠦᠪᠴᠢ ᠡᠪᠳᠡᠭᠳᠡᠭᠰᠡᠨ ᠰᠠᠭᠤᠷᠢᠨ ᠳᠡᠭᠡᠷ᠎ᠡ ᠬᠤᠳᠤᠭᠤᠳᠤᠨ ᠤᠬᠦᠴᠢᠯ ᠤᠨ ᠦᠢᠯᠡᠳᠦᠯ ᠢᠶᠠᠷ ᠬᠤᠳᠤᠭᠤᠳᠤᠨ ᠤ ᠰᠠᠯᠢᠰᠤᠳᠤ ᠪᠦᠷᠭᠦᠪᠴᠢ ᠳᠤ ᠦᠵᠡᠭᠦᠯᠬᠦ ᠬᠤᠬᠢᠷᠠᠯ ᠨᠢ ᠤᠯᠠᠮ ᠶᠡᠬᠡᠰᠳᠡᠭ᠃
ᠢᠷᠡᠯᠳᠡ :
ᠦᠪᠦᠷ ᠮᠤᠩᠭᠤᠯ ᠤᠨ ᠡᠳᠦᠷ ᠦᠨ ᠰᠤᠨᠢᠨ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ