ᠳᠡᠯᠡᠬᠡᠢ ᠲᠡᠬᠡᠷ᠎ᠠ ᠪᠦᠭᠡᠷ᠎ᠡ ᠶᠢᠨ ᠡᠪᠡᠳᠴᠢᠨ ᠲᠠᠢ ᠬᠦᠮᠦᠨ 8.5 ᠳ᠋ᠦᠩᠰᠢᠭᠤᠷ ᠪᠠᠶᠢᠨ᠎ᠠ︕ ᠡᠨᠡ ᠨᠢ ᠦᠮᠡᠨ ᠡᠪᠡᠳᠴᠢᠳᠠᠨ ᠤ ᠳᠤᠭ᠎ᠠ ᠶᠢᠨ ᠪᠠᠷᠤᠭ 20 ᠳᠠᠬᠢᠨ᠂ ᠪᠦᠬᠦ ᠳᠡᠯᠡᠬᠡᠢ ᠶᠢᠨ ᠬᠦᠮᠦᠨ ᠠᠮᠠ ᠶᠢᠨ 11% ᠲᠠᠢ ᠳᠡᠩᠴᠡᠵᠦ ᠪᠠᠶᠢᠨ᠎ᠠ᠃
ᠮᠠᠨ ᠤ ᠤᠯᠤᠰ ᠤᠨ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠨᠢᠭᠡᠨᠳᠡ 1.3 ᠳ᠋ᠦᠩᠰᠢᠭᠤᠷ ᠲᠤ ᠬᠦᠷᠴᠦ᠂ᠡᠪᠡᠳᠴᠢᠨ ᠳᠤ ᠨᠡᠷᠪᠡᠭᠳᠡᠬᠦ ᠨᠤᠷᠮ᠎ᠠ ᠨᠢ 10.8% ᠪᠤᠯᠤᠬᠰᠠᠨ ᠪᠠᠶᠢᠨ᠎ᠠ︕ ᠮᠠᠨ ᠤ ᠤᠯᠤᠰ ᠲᠤ ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ ᠬᠢᠵᠦ ᠪᠠᠶᠢᠭ᠎ᠠ ᠬᠦᠮᠦᠨ 40 ᠳᠦᠮᠡ ᠶᠢ ᠳᠠᠪᠠᠵᠠᠢ᠃
《ᠪᠡᠯᠭᠡ ᠶᠢᠨ ᠰᠤᠯᠠᠷᠠᠯ ᠭᠡᠬᠦ ᠲᠠᠢ ᠯᠡ ᠵᠡᠷᠭᠡ (ᠪᠦᠭᠡᠷ᠎ᠡ) ᠭᠡᠵᠦ ᠶᠠᠷᠢᠳᠠᠭ ᠢᠶᠠᠷ ᠢᠶᠠᠨ ᠪᠦᠭᠡᠷ᠎ᠡ ᠪᠤᠯ ᠦᠷᠭᠦᠯᠵᠢ ᠶᠠᠷᠢᠬᠳᠠᠵᠤ ᠪᠠᠶᠢᠳᠠᠭ ᠴᠤᠯᠤ ᠡᠷᠭᠡᠳᠡᠨ ᠤ ᠨᠢᠭᠡ ᠶᠤᠮ᠃ ᠭᠡᠳᠡᠯ᠎ᠠ ᠳᠤᠭᠯᠠᠭᠠᠮ ᠬᠢᠬᠦ ᠴᠤ ᠭᠠᠶᠢᠭᠤᠢ ᠰᠢᠦ᠂ ᠬᠠᠷᠢᠨ ᠪᠦᠭᠡᠷ᠎ᠡ ᠶᠢᠨ ᠡᠷᠡᠭᠦᠯ ᠮᠡᠨᠳᠦ ᠶᠢ ᠦᠨᠡᠨ ᠬᠦ ᠬᠠᠯᠠᠮᠵᠢᠯᠠᠬᠤ ᠨᠢ ᠨᠡᠩ ᠴᠢᠬᠤᠯᠠ᠂ ᠰᠠᠨᠠᠭᠠᠨ ᠠᠴᠠ ᠭᠠᠳᠠᠭᠤᠷ ᠡᠮᠰᠡᠭ ᠴᠤᠯᠤ ᠶᠤᠮ ᠰᠢᠦ》 ᠭᠡᠵᠦ ᠪᠦᠭᠡᠷ᠎ᠡ ᠶᠢᠨ ᠰᠠᠯᠠᠭᠠᠨ ᠤ ᠡᠮᠴᠢ ᠰᠠᠨᠠᠭᠤᠯᠵᠤ ᠪᠠᠶᠢᠳᠠᠭ ᠨᠢ ᠭᠡᠳᠦᠨ ᠬᠦᠮᠦᠨ ᠤ ᠴᠢᠬᠢ ᠪᠠᠷ ᠤᠷᠤᠵᠤ᠂ ᠭᠡᠳᠦᠨ ᠬᠦᠮᠦᠨ ᠰᠠᠨᠠᠭᠠᠨ ᠳᠠᠭᠠᠨ ᠠᠪᠤᠭᠰᠠᠨ ᠪᠤᠯ⁈
ᠪᠦᠭᠡᠷ᠎ᠡ ᠪᠤᠯ 《ᠦᠭᠡ ᠳᠠᠭᠤ ᠦᠭᠡᠢ ᠳᠠᠭᠠᠭᠠᠮᠠᠭᠠᠢ》 ᠴᠤᠯᠤ ᠶᠤᠮ᠂ ᠡᠳᠦᠷ ᠰᠦᠨᠢ ᠦᠭᠡᠢ ᠵᠤᠬᠰᠤᠭ᠎ᠠ ᠦᠭᠡᠢ ᠠᠵᠢᠯᠯᠠᠵᠤ ᠪᠠᠶᠢᠳᠠᠭ᠂ ᠶᠠᠳᠠᠷᠠᠭᠰᠠᠨ ᠤᠤ ᠰᠢᠷᠬᠠᠯᠠᠭᠰᠠᠨ ᠤᠤ ᠳᠠᠭᠤ ᠦᠭᠡᠢ ᠳᠡᠰᠦᠭᠡᠳ ᠯᠡ ᠦᠩᠭᠡᠷᠡᠳᠡᠭ᠂ ᠪᠠᠷᠤᠭᠳᠠᠢ ᠳᠤ ᠶᠠᠯᠠᠷᠬᠠᠵᠤ ᠳᠤᠨᠢᠷᠬᠠᠳᠠᠭ ᠦᠭᠡᠢ᠃ ᠬᠠᠷᠢᠨ ᠪᠦᠭᠡᠷ᠎ᠡ ᠳᠦᠢᠯᠳᠠᠭᠠᠳ ᠤᠨᠠᠬᠤ ᠳᠤ ᠬᠦᠷᠪᠡᠯ ᠳᠠᠬᠢᠨ ᠡᠷᠭᠦᠵᠦ ᠪᠤᠰᠬᠠᠵᠤ ᠳᠡᠶᠢᠯᠬᠦ ᠦᠭᠡᠢ ᠪᠠᠶᠢᠵᠤ ᠮᠡᠳᠡᠨ᠎ᠠ
ᠧᠦ᠋ᠷᠦᠫᠡ ᠠᠮᠧᠷᠢᠺᠠ ᠶᠢᠨ ᠪᠦᠭᠡᠷ᠎ᠡ ᠶᠢᠨ ᠡᠪᠡᠳᠴᠢᠨ ᠤ ᠭᠤᠷᠪᠠᠨ ᠶᠡᠭᠡ ᠡᠷᠭᠡ ᠰᠦᠷᠳᠦ ᠡᠷᠳᠡᠮ ᠰᠢᠨᠵᠢᠯᠡᠭᠡᠨ ᠤ ᠵᠤᠬᠢᠶᠠᠨ ᠪᠠᠶᠢᠭᠤᠯᠤᠯᠳᠠ ᠶᠢᠨ ᠬᠢᠨ ᠤ ᠤᠢᠢᠷ᠎ᠠ ᠳᠤ ᠵᠠᠷᠯᠠᠭᠰᠠᠨ ᠢᠶᠠᠷ᠂ ᠤᠳᠤᠬᠠᠨ ᠳᠤ ᠮᠠᠨ ᠤ ᠪᠦᠮᠪᠦᠷᠴᠡᠭ ᠳᠡᠭᠡᠷ᠎ᠡ ᠨᠠᠭᠠᠳᠤ ᠵᠠᠬ᠎ᠠ ᠨᠢ 8.5 ᠳ᠋ᠦᠩᠰᠢᠭᠤᠷ ᠬᠦᠮᠦᠨ ᠪᠦᠭᠡᠷ᠎ᠡ ᠶᠢᠨ ᠡᠪᠡᠳᠴᠢᠨ ᠳᠤ ᠨᠡᠷᠪᠡᠭᠳᠡᠭᠡᠳ ᠪᠠᠶᠢᠨ᠎ᠠ᠂ ᠡᠨᠡ ᠳᠤᠭ᠎ᠠ ᠨᠢ ᠦᠮᠡᠨ ᠡᠪᠡᠳᠴᠢᠳᠠᠨ ᠤ ᠳᠤᠭ᠎ᠠ ᠶᠢᠨ ᠪᠠᠷᠤᠭ 20 ᠳᠠᠬᠢᠨ ᠪᠠᠶᠢᠵᠤ᠂ ᠪᠦᠬᠦ ᠳᠡᠯᠡᠬᠡᠢ ᠶᠢᠨ ᠬᠦᠮᠦᠨ ᠠᠮᠠ ᠶᠢᠨ 11% ᠲᠠᠢ ᠳᠡᠩᠴᠡᠵᠦ ᠪᠠᠶᠢᠨ᠎ᠠ᠃ ᠭᠤᠨᠢᠶᠠᠯᠳᠠᠢ ᠨᠢ᠂ ᠡᠨᠡ ᠳᠤᠮᠤ ᠳᠤᠭᠠᠨ ᠤ ᠠᠷᠤ ᠳᠤ ᠨᠢᠭᠤᠭᠳᠠᠵᠤ ᠪᠠᠶᠢᠭ᠎ᠠ ᠤᠯᠠᠩᠭᠢ ᠳᠤᠭᠠᠨ ᠤ ᠬᠦᠮᠦᠰ ᠦᠪᠡᠷ ᠢᠶᠠᠨ ᠪᠦᠭᠡᠷ᠎ᠡ ᠶᠢᠨ ᠡᠪᠡᠳᠴᠢᠨ ᠳᠤ ᠨᠡᠷᠪᠡᠭᠳᠡᠭᠰᠡᠨ ᠢᠶᠠᠨ ᠮᠦᠨ ᠮᠡᠳᠡᠬᠦ ᠦᠭᠡᠢ ᠪᠠᠶᠢᠬᠰᠠᠭᠠᠷ᠃
ᠮᠠᠨ ᠤ ᠤᠯᠤᠰ ᠤᠨ ᠪᠦᠭᠡᠷ᠎ᠡ ᠶᠢᠨ ᠡᠪᠡᠳᠴᠢᠳᠠᠨ ᠤ ᠤᠳᠤᠬᠢ ᠪᠠᠶᠢᠳᠠᠯ ᠢ ᠠᠵᠢᠬᠯᠠᠪᠠᠯ ᠨᠡᠮᠡᠭᠳᠡᠬᠦ ᠵᠠᠯᠠᠭᠤᠵᠢᠬᠤ ᠠᠶᠤᠯ ᠲᠠᠢ ᠬᠠᠨᠳᠤᠰᠢ ᠢᠯᠡᠷᠡᠵᠦ ᠪᠠᠶᠢᠨ᠎ᠠ᠃
ᠪᠠᠶᠢᠴᠠᠭᠠᠯᠳᠠ ᠠᠴᠠ ᠦᠵᠡᠪᠡᠯ᠂ ᠮᠠᠨ ᠤ ᠤᠯᠤᠰ ᠤᠨ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠨᠢᠭᠡᠨᠳᠡ 1.3 ᠳ᠋ᠦᠩᠰᠢᠭᠤᠷ ᠲᠤ ᠬᠦᠷᠴᠦ᠂ ᠡᠪᠡᠳᠴᠢᠨ ᠳᠤ ᠨᠡᠷᠪᠡᠭᠳᠡᠬᠦ ᠨᠤᠷᠮ᠎ᠠ ᠨᠢ 10.8% ᠪᠤᠯᠤᠬᠰᠠᠨ ᠪᠠᠶᠢᠨ᠎ᠠ᠃ ᠳᠠᠷᠤᠢ 10 ᠬᠦᠮᠦᠨ ᠤ ᠳᠤᠳᠤᠷ᠎ᠠ 1 ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠪᠠᠶᠢᠨ᠎ᠠ ᠭᠡᠰᠡᠨ ᠦᠭᠡ ᠭᠡᠵᠦ︖︖ ᠯᠦ ᠹᠠᠩ ᠫᠢᠩ ᠶᠠᠷᠢᠬᠰᠠᠨ ᠪᠠᠶᠢᠨ᠎ᠠ᠃
ᠳᠡᠭᠡᠭᠡᠳ ᠵᠠᠯᠠᠭᠤᠴᠤᠳ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠳᠤ ᠨᠡᠷᠪᠡᠭᠳᠡᠬᠦ ᠪᠠᠶᠢᠳᠠᠯ ᠭᠡᠴᠡᠭᠦᠳᠡᠬᠦ ᠬᠠᠨᠳᠤᠰᠢ ᠲᠠᠢ ᠪᠤᠯᠵᠤ᠂ 20 — 30 ᠨᠠᠰᠤᠨ ᠤ ᠴᠢᠰᠦ ᠨᠡᠪᠴᠢᠭᠦᠯᠦᠨ ᠢᠯᠭᠠᠷᠠᠭᠤᠯᠬᠤ ᠵᠠᠰᠠᠯᠭ᠎ᠠ ᠬᠢᠵᠤ ᠪᠠᠶᠢᠭ᠎ᠠ ᠬᠦᠮᠦᠨ ᠤᠯᠠᠮ ᠢᠶᠠᠷ ᠤᠯᠠᠨ ᠪᠤᠯᠵᠤ ᠪᠠᠶᠢᠨ᠎ᠠ᠃ ᠳᠡᠭᠡᠬᠦ ᠳᠤ᠂ ᠤᠯᠠᠨ ᠳᠦᠮᠡᠨ ᠤ ᠪᠦᠭᠡᠷ᠎ᠡ ᠶᠢᠨ ᠡᠪᠡᠳᠴᠢᠨ ᠢ ᠳᠠᠨᠢᠵᠤ ᠮᠡᠳᠡᠵᠦ ᠪᠠᠶᠢᠭ᠎ᠠ ᠨᠤᠷᠮ᠎ᠠ ᠵᠦᠳᠡᠭᠦᠦ 6% — 12.5% ᠤᠷᠴᠢᠮ ᠳᠡᠳᠦᠢ ᠪᠠᠶᠢᠵᠤ᠂ 20% — 30% ᠶᠢᠨ ᠡᠪᠡᠳᠴᠢᠳᠠᠨ ᠠᠩᠬ᠎ᠠ ᠤᠨᠤᠰᠢᠯᠠᠭᠤᠯᠬᠤ ᠦᠶ᠎ᠡ ᠳᠡᠭᠡᠨ ᠨᠢᠭᠡᠨᠳᠡ ᠠᠳᠠᠯᠢ ᠪᠤᠰᠤ ᠬᠡᠮᠵᠢᠶᠡᠨ ᠤ ᠵᠠᠰᠠᠪᠤᠷᠢ ᠠᠪᠬᠤ ᠦᠭᠡᠢ ᠪᠠᠶᠢᠳᠠᠯ ᠳᠤ ᠤᠷᠤᠭᠰᠠᠨ ᠪᠠᠶᠢᠳᠠᠭ᠃
ᠪᠦᠭᠡᠷ᠎ᠡ ᠶᠢᠨ ᠡᠪᠡᠳᠴᠢᠨ ᠭᠡᠵᠦ ᠭᠢᠷᠢ ᠵᠡᠷᠭᠡ ᠶᠢᠨ ᠭᠡᠴᠡᠭᠦᠦ ᠶᠠᠭᠤᠮ᠎ᠠ ᠪᠠᠶᠢᠳᠠᠭ ᠢ ᠬᠦᠮᠦᠰ ᠤᠨ ᠰᠠᠨᠠᠭᠠᠨ ᠳᠤ ᠤᠷᠤᠭᠤᠯᠬᠤ ᠶᠢᠨ ᠳᠦᠯᠦᠭᠡ᠂ ᠠᠮᠧᠷᠢᠺᠠ ᠶᠢᠨ ᠪᠦᠭᠡᠷ᠎ᠡ ᠶᠢᠨ ᠡᠪᠡᠳᠴᠢᠨ ᠤ ᠰᠤᠳᠤᠯᠭᠠᠨ ᠤ ᠬᠤᠷᠠᠯ᠂ ᠧᠦ᠋ᠷᠦᠫᠡ ᠳᠢᠪ ᠤᠨ ᠪᠦᠭᠡᠷ᠎ᠡ ᠶᠢᠨ ᠡᠪᠡᠳᠴᠢᠨ ᠤ ᠰᠤᠳᠤᠯᠭᠠᠨ ᠤ ᠬᠤᠷᠠᠯ ᠪᠠ ᠤᠯᠠᠨ ᠤᠯᠤᠰ ᠤᠨ ᠪᠦᠭᠡᠷ᠎ᠡ ᠶᠢᠨ ᠰᠤᠳᠤᠯᠭᠠᠨ ᠤ ᠬᠤᠷᠠᠯ ᠤᠢᠢᠷ᠎ᠠ ᠳᠤ᠂ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠪᠤᠯ 《ᠨᠢᠭᠤᠭᠳᠠᠮᠠᠯ ᠳᠠᠬᠤᠯ ᠡᠪᠡᠳᠴᠢᠨ》 ᠪᠤᠯᠤᠨ᠎ᠠ᠂ ᠡᠯ᠎ᠠ ᠤᠯᠤᠰ ᠪᠦᠭᠡᠷ᠎ᠡ ᠶᠢᠨ ᠡᠪᠡᠳᠴᠢᠨ ᠤ ᠴᠢᠮᠡᠭᠡ ᠦᠭᠡᠢ ᠳᠡᠯᠭᠡᠷᠡᠬᠦ ᠳᠤ ᠰᠡᠷᠡᠮᠵᠢ ᠲᠠᠢ ᠪᠠᠶᠢᠵᠤ᠂ ᠪᠦᠭᠡᠷ᠎ᠡ ᠶᠢᠨ ᠡᠪᠡᠳᠴᠢᠳᠠᠨ ᠤ ᠡᠷᠳᠡ ᠤᠨᠤᠰᠢᠯᠠᠭᠤᠯᠵᠤ ᠡᠷᠳᠡ ᠡᠮᠴᠢᠯᠡᠭᠦᠯᠬᠦ ᠬᠠᠷᠢᠴᠠᠯ ᠢ ᠳᠡᠭᠡᠭᠰᠢᠯᠡᠭᠦᠯᠬᠦ ᠭᠡᠷᠡᠭᠳᠡᠢ ᠭᠡᠰᠡᠨ ᠬᠠᠮᠳᠤᠷᠠᠭᠰᠠᠨ ᠤᠷᠢᠶᠠᠯᠠᠭ᠎ᠠ ᠭᠠᠷᠭᠠᠭᠰᠠᠨ ᠪᠠᠶᠢᠨ᠎ᠠ᠃
ᠪᠦᠭᠡᠷ᠎ᠡ ᠮᠠᠭᠤᠳᠠᠪᠠᠯ ᠪᠦᠬᠦ ᠪᠡᠶ᠎ᠡ ᠭᠠᠮᠰᠢᠬᠳᠠᠨᠠ᠃ ᠪᠦᠭᠡᠷ᠎ᠡ ᠬᠡᠪᠡᠯᠢ ᠶᠢᠨ ᠬᠦᠨᠳᠡᠢ ᠶᠢᠨ ᠳᠡᠭᠡᠷ᠎ᠡ ᠭᠡᠰᠡᠭ ᠲᠤ ᠪᠠᠭᠠᠨ᠎ᠠ ᠨᠢᠷᠤᠭᠤᠨ ᠤ ᠬᠤᠶᠠᠷ ᠳᠠᠯ᠎ᠠ ᠳᠤ ᠪᠠᠶᠢᠷᠢᠯᠠᠳᠠᠭ᠂ ᠨᠢᠭᠡ ᠶᠢᠨ ᠬᠢᠨᠢ ᠶᠡᠭᠡ ᠪᠠᠭ᠎ᠠ ᠨᠢ ᠨᠢᠳᠤᠷᠭ᠎ᠠ ᠶᠢᠨ ᠴᠢᠨᠡᠭᠡ᠂ ᠭᠤᠤᠯᠳᠠᠭᠤ ᠴᠢᠰᠦᠨ ᠳᠤᠳᠤᠷᠠᠬᠢ ᠬᠠᠶᠠᠬᠳᠠᠮᠠᠯ ᠪᠤᠳᠠᠰ ᠪᠠ ᠬᠤᠤᠷᠳᠤ ᠡᠳ᠋ ᠢ ᠱᠦᠭᠦᠵᠦ ᠢᠯᠭᠠᠷᠠᠭᠤᠯᠵᠤ ᠰᠢᠭᠡᠰᠦ ᠪᠠᠷ ᠪᠡᠶ᠎ᠡ ᠠᠴᠠ ᠭᠠᠳᠠᠭᠰᠢᠯᠠᠭᠤᠯᠬᠤ ᠠᠵᠢᠯ ᠢ ᠬᠠᠷᠢᠭᠤᠴᠠᠳᠠᠭ᠃
ᠬᠦᠮᠦᠨ ᠤ ᠪᠡᠶ᠎ᠡ ᠳᠤ ᠠᠪᠴᠤ ᠬᠡᠯᠡᠪᠡᠯ ᠪᠦᠭᠡᠷ᠎ᠡ ᠳᠤᠩ ᠴᠢᠬᠤᠯᠠ᠂ ᠶᠠᠬ ᠯᠡ ᠬᠤᠳᠠ ᠶᠢᠨ ᠪᠤᠬᠢᠷ ᠤᠰᠤ ᠭᠠᠳᠠᠭᠰᠢᠯᠠᠭᠤᠯᠬᠤ ᠰᠢᠰᠲ᠋ᠧᠮ ᠲᠠᠢ ᠠᠳᠠᠯᠢ᠂ ᠬᠡᠷᠪᠡ ᠳᠤᠩ ᠰᠠᠶᠢᠨ ᠤᠰᠤ ᠭᠠᠳᠠᠭᠰᠢᠯᠠᠭᠤᠯᠬᠤ ᠰᠢᠰᠲ᠋ᠧᠮ ᠲᠠᠢ ᠪᠢᠰᠢ ᠪᠤᠯ ᠨᠢᠭᠡ ᠬᠤᠳᠠ ᠠᠷᠭ᠎ᠠ ᠦᠭᠡᠢ ᠪᠤᠬᠢᠷ ᠤᠰᠤᠨ ᠤ ᠱᠠᠯᠪᠠᠭ ᠲᠤ ᠰᠠᠭᠤᠬᠤ ᠪᠤᠯᠤᠨ᠎ᠠ ᠰᠢᠦ ᠳ᠋ᠠ᠃ ᠪᠦᠭᠡᠷ᠎ᠡ ᠳᠤ ᠠᠰᠠᠭᠤᠳᠠᠯ ᠭᠠᠷᠪᠠᠯ᠂ ᠪᠦᠬᠦ ᠪᠡᠶ᠎ᠡ ᠶᠢᠨ ᠡᠯ᠎ᠠ ᠰᠢᠰᠲ᠋ᠧᠮ ᠪᠦᠷ ᠬᠤᠯᠪᠤᠭᠳᠠᠨ ᠨᠦᠯᠦᠭᠡᠯᠡᠭᠳᠡᠨ᠎ᠠ᠃ 《ᠵᠢᠷᠦᠭᠡ ᠴᠢᠰᠦᠨ ᠰᠤᠳᠠᠯ ᠤᠨ ᠡᠪᠡᠳᠴᠢᠨ ᠪᠤᠯ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠤ ᠪᠠᠷᠤᠭ ᠵᠠᠶᠢᠯᠠᠵᠤ ᠳᠡᠶᠢᠯᠳᠡᠭ ᠦᠭᠡᠢ ᠳᠠᠪᠬᠤᠴᠠᠭᠰᠠᠨ ᠡᠪᠡᠳᠴᠢᠨ ᠪᠤᠯᠤᠨ᠎ᠠ᠂ ᠬᠤᠶᠠᠭᠤᠯᠠ ᠪᠠᠨ ᠬᠠᠷᠢᠯᠴᠠᠨ ᠰᠢᠯᠳᠠᠭᠠᠨ ᠦᠷ᠎ᠡ ᠳ᠋ᠦᠩ ᠤᠨ ᠬᠠᠷᠢᠴᠠᠭ᠎ᠠ ᠲᠠᠢ ᠪᠠᠶᠢᠵᠤ ᠮᠠᠭᠤ ᠤᠷᠴᠢᠯ ᠢ ᠪᠤᠢ ᠪᠤᠯᠭᠠᠳᠠᠭ᠃ ᠴᠢᠰᠦ ᠨᠡᠪᠴᠢᠭᠦᠯᠦᠨ ᠢᠯᠭᠠᠷᠠᠭᠤᠯᠵᠤ ᠪᠠᠶᠢᠭ᠎ᠠ ᠡᠪᠡᠳᠴᠢᠳᠠᠨ ᠤ ᠵᠢᠷᠦᠭᠡ ᠴᠢᠰᠦᠨ ᠰᠤᠳᠠᠯ ᠤᠨ ᠡᠪᠡᠳᠴᠢᠨ ᠢᠶᠠᠷ ᠦᠬᠦᠬᠦ ᠨᠤᠷᠮ᠎ᠠ ᠡᠩ ᠤᠨ ᠬᠦᠮᠦᠨ ᠤ ᠬᠢ ᠠᠴᠠ 20 ᠳᠠᠬᠢᠨ ᠦᠨᠳᠦᠷ ᠪᠠᠶᠢᠳᠠᠭ》 ᠭᠡᠬᠦ ᠯᠦ ᠹᠠᠩ ᠫᠢᠩ ᠳᠠᠨᠢᠯᠴᠠᠭᠤᠯᠤᠭᠰᠠᠨ ᠪᠠᠶᠢᠨ᠎ᠠ᠃
ᠤᠵᠢᠭ ᠴᠢᠨᠠᠷᠳᠠᠢ ᠪᠦᠭᠡᠷ᠎ᠡ ᠶᠢᠨ ᠡᠪᠡᠳᠴᠢᠨ ᠬᠦᠨᠳᠦᠷᠡᠭᠡᠳ 3 — 5 ᠳᠠᠬᠢ ᠱᠠᠳᠤᠨ ᠳᠤ ᠤᠷᠤᠪᠠᠯ᠂ ᠵᠤᠩᠭᠢᠯᠠᠬᠤ ᠤᠯᠠᠨ ᠳᠤᠭᠠᠨ ᠤ ᠡᠪᠡᠳᠴᠢᠳᠠᠨ ᠳᠤ ᠪᠠᠷᠤᠭ ᠪᠦᠷ ᠴᠢᠰᠦ ᠳᠤᠳᠠᠬᠤ ᠡᠪᠡᠳᠴᠢᠨ ᠳᠠᠪᠬᠤᠴᠠᠵᠤ᠂ ᠨᠢᠭᠤᠷ ᠨᠢ ᠬᠤᠵᠠᠶᠢᠨ ᠰᠢᠷᠠᠯᠠᠵᠤ᠂ ᠨᠢᠳᠤᠨ ᠤ ᠨᠡᠶᠢᠯᠡᠮᠡᠯ ᠪᠦᠷᠭᠦᠪᠴᠢ᠂ ᠤᠷᠤᠭᠤᠯ ᠴᠠᠶᠢᠷᠠᠬᠤ ᠵᠡᠷᠭᠡ ᠢᠯᠡᠷᠡᠯ ᠭᠠᠷᠳᠠᠭ᠃
ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠤ ᠶᠠᠰᠤ ᠪᠡᠷᠳᠡᠬᠦ ᠨᠤᠷᠮ᠎ᠠ ᠡᠩ ᠤᠨ ᠬᠦᠮᠦᠨ ᠤ ᠬᠢ ᠠᠴᠠ 4 ᠳᠠᠬᠢᠨ ᠠᠴᠠ ᠢᠯᠡᠭᠦᠦ ᠪᠠᠶᠢᠳᠠᠭ᠂ ᠤᠴᠢᠷ ᠨᠢ ᠪᠦᠭᠡᠷ᠎ᠠ ᠡᠪᠡᠳᠴᠢᠯᠡᠪᠡᠯ ᠸᠢᠲ᠋ᠠᠮᠢᠨ D ᠶᠢᠨ ᠪᠡᠶ᠎ᠡ ᠶᠢᠨ ᠳᠤᠳᠤᠭᠠᠳᠤ ᠳᠤ ᠨᠡᠶᠢᠯᠡᠭᠵᠢᠬᠦ ᠪᠠ ᠳᠡᠭᠦᠨ ᠤ ᠠᠰᠢᠬᠯᠠᠯᠳᠠ ᠶᠢ ᠨᠦᠯᠦᠭᠡᠯᠡᠵᠦ᠂ ᠺᠠᠯᠼ᠂ ᠹᠤᠰᠹᠤᠷ ᠵᠡᠷᠭᠡ ᠪᠤᠳᠠᠰ ᠢ ᠰᠢᠩᠭᠡᠭᠡᠨ ᠠᠪᠬᠤ ᠳᠤ ᠰᠠᠭᠠᠳ ᠪᠤᠯᠵᠤ ᠶᠠᠰᠤᠨ ᠤ ᠰᠢᠨ᠎ᠠ ᠬᠠᠭᠤᠴᠢᠨ ᠤ ᠰᠤᠯᠢᠯᠴᠠᠭ᠎ᠠ ᠶᠢ ᠰᠠᠮᠠᠭᠤᠷᠠᠭᠤᠯᠳᠠᠭ᠃
ᠪᠦᠭᠡᠷ᠎ᠡ ᠶᠢᠨ ᠡᠪᠡᠳᠴᠢᠨ ᠤ ᠳᠦᠷᠦᠯ ᠵᠦᠢᠯ
ᠪᠦᠭᠡᠷ᠎ᠡ ᠶᠢᠨ ᠡᠪᠡᠳᠴᠢᠨ ᠤ ᠳᠦᠷᠦᠯ ᠵᠦᠢᠯ ᠶᠡᠭᠡ ᠤᠯᠠᠨ ᠪᠠᠶᠢᠳᠠᠭ᠂ ᠶᠡᠭᠡ ᠳᠦᠯᠦᠪ ᠤᠭ ᠡᠭᠦᠰᠦᠯ ᠤᠨ ᠴᠢᠨᠠᠷᠳᠠᠢ ᠪᠠ ᠪᠤᠰᠤᠳ ᠡᠪᠡᠳᠴᠢᠨ ᠠᠴᠠ ᠪᠤᠯᠤᠭᠰᠠᠨ ᠭᠡᠵᠦ ᠬᠤᠶᠠᠷ ᠶᠡᠭᠡ ᠲᠦᠷᠦᠯ ᠳᠤ ᠬᠤᠪᠢᠶᠠᠳᠠᠭ᠃ ᠡᠨᠡ ᠬᠤᠶᠠᠷ ᠶᠡᠭᠡ ᠳᠦᠷᠦᠯ ᠤᠨ ᠬᠠᠮᠤᠭ ᠤᠨ ᠶᠡᠭᠡ ᠵᠦᠷᠢᠶ᠎ᠡ ᠨᠢ ᠡᠪᠡᠳᠴᠢᠨ ᠡᠭᠦᠰᠦᠭᠰᠡᠨ ᠰᠢᠯᠳᠠᠭᠠᠨ ᠨᠢ ᠴᠤᠬᠤᠮ ᠪᠦᠭᠡᠷ᠎ᠡ ᠶᠢᠨ ᠳᠤᠰ ᠪᠡᠶ᠎ᠡ ᠳᠤ ᠪᠠᠶᠢᠨ᠎ᠠ ᠤᠤ᠂ ᠡᠰᠡᠭᠦᠯ᠎ᠠ ᠪᠤᠰᠤᠳ ᠡᠪᠡᠳᠴᠢᠨ ᠤ ᠳᠠᠭᠠᠯᠳᠤᠭᠤᠯᠤᠯ ᠤᠤ ᠭᠡᠳᠡᠭ ᠲᠤ ᠪᠠᠶᠢᠳᠠᠭ᠃
ᠤᠭ ᠡᠭᠦᠰᠦᠯ ᠤᠨ ᠴᠢᠨᠠᠷᠳᠠᠢ ᠪᠦᠭᠡᠷ᠎ᠡ ᠶᠢᠨ ᠡᠪᠡᠳᠴᠢᠨ ᠳᠤ ᠳᠦᠷᠭᠡᠨ ᠪᠠ ᠤᠵᠢᠬ ᠴᠢᠨᠠᠷᠳᠠᠢ ᠪᠦᠭᠡᠷ᠎ᠡ ᠶᠢᠨ ᠪᠦᠮᠦᠷᠴᠡᠭ ᠤᠨ ᠴᠢᠨᠠᠷᠳᠠᠢ ᠪᠦᠭᠡᠷ᠎ᠡ ᠶᠢᠨ ᠦᠷᠪᠢᠰᠦᠯ᠂ ᠵᠠᠪᠰᠠᠷ ᠡᠳ᠋ ᠤᠨ ᠴᠢᠨᠠᠷᠳᠠᠢ ᠪᠦᠭᠡᠷ᠎ᠡ ᠶᠢᠨ ᠦᠷᠪᠢᠰᠦᠯ᠂ ᠪᠦᠭᠡᠷ᠎ᠡ ᠶᠢᠨ ᠳᠡᠪᠰᠢ ᠶᠢᠨ ᠴᠢᠨᠠᠷᠳᠠᠢ ᠪᠦᠭᠡᠷ᠎ᠡ ᠶᠢᠨ ᠦᠷᠪᠢᠰᠦᠯ ᠵᠡᠷᠭᠡ ᠪᠠᠭᠳᠠᠨ᠎ᠠ᠃
ᠪᠤᠰᠤᠳ ᠡᠪᠡᠳᠴᠢᠨ ᠠᠴᠠ ᠪᠤᠯᠤᠭᠰᠠᠨ ᠪᠦᠭᠡᠷ᠎ᠡ ᠶᠢᠨ ᠡᠪᠡᠳᠴᠢᠨ ᠳᠤ ᠰᠢᠬᠢᠷ ᠰᠢᠵᠢᠩ ᠡᠪᠡᠳᠴᠢᠨ ᠤ ᠴᠢᠨᠠᠷᠳᠠᠢ ᠪᠦᠭᠡᠷ᠎ᠡ ᠶᠢᠨ ᠡᠪᠡᠳᠴᠢᠨ᠂ ᠴᠢᠰᠦᠨ ᠳᠠᠷᠤᠯᠳᠠ ᠦᠨᠳᠦᠷᠵᠢᠭᠦ ᠴᠢᠨᠠᠷᠳᠠᠢ ᠪᠦᠭᠡᠷ᠎ᠡ ᠶᠢᠨ ᠡᠪᠡᠳᠴᠢᠨ᠂ ᠴᠢᠨ᠋ᠸ᠎ᠠ ᠶᠢᠨ ᠶᠠᠷᠡ ᠶᠢᠨ ᠴᠢᠨᠠᠷᠳᠠᠢ ᠪᠦᠭᠡᠷ᠎ᠡ ᠶᠢᠨ ᠡᠪᠡᠳᠴᠢᠨ ᠵᠡᠷᠭᠡ ᠪᠠᠭᠳᠠᠨ᠎ᠠ᠃
ᠪᠦᠭᠡᠷ᠎ᠡ ᠶᠢᠨ ᠡᠪᠡᠳᠴᠢᠨ ᠨᠢ ᠤᠯᠠᠩᠭᠢ ᠳᠠᠭᠠᠨ ᠤᠵᠢᠬ ᠴᠢᠨᠠᠷᠳᠠᠢ ᠪᠠᠶᠢᠳᠠᠭ᠂ ᠬᠦᠩᠭᠡᠨ ᠠᠴᠠ ᠬᠦᠨᠳᠦᠷᠡᠳᠡᠯᠠ 5 ᠱᠠᠳᠤ ᠬᠤᠪᠢᠶᠠᠳᠠᠭ᠄
1 — 3 ᠳᠠᠬᠢ ᠱᠠᠳᠤᠨ ᠳᠤ ᠢᠯᠡᠷᠭᠡᠢ ᠡᠪᠡᠳᠴᠢᠨ ᠤ ᠢᠯᠡᠷᠡᠯ ᠭᠠᠷᠳᠠᠭ ᠦᠭᠡᠢ᠂ ᠤᠯᠵᠤ ᠮᠡᠳᠡᠬᠦ ᠳᠤ ᠬᠦᠴᠢᠷ᠂ ᠭᠡᠪᠡᠴᠦ ᠡᠪᠡᠳᠴᠢᠨ ᠢ ᠡᠮᠴᠢᠯᠡᠨ ᠠᠨᠠᠭᠠᠬᠤ ᠬᠠᠮᠤᠭ ᠤᠨ ᠰᠠᠶᠢᠨ ᠴᠠᠭ ᠪᠤᠯᠤᠨ᠎ᠠ᠃
4 — 5 ᠳᠠᠬᠢ ᠱᠠᠳᠤᠨ ᠳᠤ ᠤᠷᠤᠪᠠᠯ ᠡᠪᠡᠳᠴᠢᠨ ᠤ ᠢᠯᠡᠷᠡᠯ ᠨᠢ ᠳᠤᠩ ᠢᠯᠡᠷᠭᠡᠢ ᠪᠤᠯᠵᠤ ᠵᠠᠰᠠᠯᠭ᠎ᠠ ᠠᠪᠬᠤ ᠳᠤ ᠬᠦᠴᠢᠷ ᠲᠠᠢ ᠪᠤᠯᠳᠠᠭ᠃ ᠳᠡᠭᠡᠷ᠎ᠡ ᠶᠠᠷᠢᠬᠰᠠᠨ ᠰᠢᠭᠡᠰᠦᠨ ᠤ ᠬᠤᠤᠷᠳᠠᠯ ᠪᠤᠯ ᠳᠠᠷᠤᠢ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠤ 5 ᠳᠠᠬᠢ ᠱᠠᠳᠤ ᠦᠶ᠎ᠠ ᠪᠤᠯᠤᠨ᠎ᠠ᠃
ᠡᠪᠡᠳᠴᠢᠨ ᠡᠭᠦᠰᠬᠦ ᠰᠢᠯᠳᠠᠭᠠᠨ
ᠪᠡᠭᠡᠵᠢᠩ ᠶᠡᠭᠡ ᠰᠤᠷᠭᠠᠭᠤᠯᠢ ᠶᠢᠨ ᠨᠢᠭᠡᠳᠦᠭᠡᠷ ᠡᠮᠨᠡᠯᠭᠡ ᠶᠢᠨ ᠬᠤᠷᠢᠶᠠᠨ ᠤ ᠪᠦᠭᠡᠷ᠎ᠡ ᠶᠢᠨ ᠳᠤᠳᠤᠷ ᠰᠠᠯᠠᠭᠠᠨ ᠤ ᠬᠢᠨ ᠤ 2016 ᠤᠨ ᠳᠤ《ᠰᠢᠨ᠎ᠠ ᠢᠩᠭ᠍ᠯᠠᠨᠳ᠋ ᠠᠨᠠᠭᠠᠬᠤ ᠤᠬᠠᠭᠠᠨ ᠤ ᠰᠡᠳᠭᠦᠯ》 ᠳᠡᠭᠡᠷ᠎ᠡ ᠨᠡᠶᠢᠳᠡᠯᠡᠭᠰᠡᠨ ᠰᠤᠳᠤᠯᠭᠠᠨ ᠤ ᠪᠦᠲᠦᠭᠡᠯ ᠳᠤ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠨᠤᠷᠮ᠎ᠠ ᠮᠠᠨ ᠤ ᠤᠯᠤᠰ ᠲᠤ ᠳᠠᠰᠤᠷᠠᠯᠳᠠ ᠦᠭᠡᠢ ᠳᠡᠭᠡᠭᠰᠢᠯᠡᠬᠦ ᠶᠢ ᠳᠠᠭᠠᠯᠳᠤᠨ ᠰᠢᠬᠢᠷ ᠰᠢᠵᠢᠩ ᠡᠪᠡᠳᠴᠢᠨ ᠲᠠᠢ ᠬᠠᠮᠢᠶ᠎ᠠ ᠲᠠᠢ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠪᠦᠭᠡᠷ᠎ᠡ ᠶᠢᠨ ᠪᠦᠮᠦᠷᠴᠡᠭ ᠤᠨ ᠴᠢᠨᠠᠷ ᠲᠠᠢ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠢ ᠳᠠᠪᠠᠵᠤ᠂ ᠳᠤᠮᠳᠠᠳᠤ ᠤᠯᠤᠰ ᠤᠨ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠡᠭᠦᠰᠬᠡᠬᠦ ᠨᠢᠭᠡᠳᠦᠭᠡᠷ ᠲᠤ ᠤᠷᠤᠬᠤ ᠰᠢᠯᠳᠠᠭᠠᠨ ᠪᠤᠯᠤᠭᠰᠠᠨ ᠪᠠᠶᠢᠨ᠎ᠠ ᠭᠡᠵᠡᠢ᠃
ᠦᠭᠡᠷ᠎ᠡ ᠨᠢᠭᠡᠨ ᠰᠤᠳᠤᠯᠭᠠᠨ ᠢᠶᠠᠷ᠂ ᠮᠠᠨ ᠤ ᠤᠯᠤᠰ ᠤᠨ ᠡᠮᠨᠡᠯᠭᠡ ᠳᠤ ᠰᠠᠭᠤᠵᠤ ᠪᠠᠶᠢᠭ᠎ᠠ ᠬᠦᠮᠦᠰ ᠤᠨ ᠳᠤᠳᠤᠷ᠎ᠠ᠂ ᠴᠢᠰᠦᠨ ᠳᠠᠷᠤᠯᠳᠠ ᠦᠨᠳᠦᠷᠵᠢᠬᠦ ᠴᠢᠨᠠᠷᠳᠠᠢ ᠪᠦᠭᠡᠷ᠎ᠡ ᠶᠢᠨ ᠡᠪᠡᠳᠴᠢᠨ ᠮᠦᠨ ᠢᠯᠡᠷᠭᠡᠢ ᠨᠡᠮᠡᠭᠳᠡᠬᠦ ᠬᠠᠨᠳᠤᠰᠢ ᠲᠠᠢ ᠪᠠᠶᠢᠵᠤ᠂ ᠰᠢᠬᠢᠷ ᠰᠢᠵᠢᠩ ᠡᠪᠡᠳᠴᠢᠨ ᠤ ᠴᠢᠨᠠᠷᠳᠠᠢ ᠪᠦᠭᠡᠷ᠎ᠡ ᠶᠢᠨ ᠡᠪᠡᠳᠴᠢᠨ ᠢ ᠨᠡᠮᠡᠪᠡᠯ ᠪᠠᠷᠤᠭ ᠮᠠᠨ ᠤ ᠤᠯᠤᠰ ᠤᠨ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠳᠠᠨ ᠤ ᠬᠠᠭᠠᠰ ᠢ ᠡᠵᠡᠯᠡᠬᠦ ᠪᠤᠯᠤᠭᠰᠠᠨ ᠭᠡᠳᠡᠭ ᠢ ᠮᠡᠳᠡᠭᠰᠡᠨ ᠪᠠᠶᠢᠨ᠎ᠠ᠃
ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠪᠦᠭᠡᠷ᠎ᠡ ᠶᠢᠨ ᠳᠤᠳᠤᠷ ᠰᠠᠯᠠᠭᠠᠨ ᠤ ᠫᠷᠦᠹᠧᠰᠰᠤᠷ ᠵᠧᠩ ᠹᠠ ᠯᠧᠢ᠄ 《ᠮᠠᠨ ᠤ ᠤᠯᠤᠰ ᠤᠨ ᠰᠢᠬᠢᠷ ᠰᠢᠵᠢᠩ ᠡᠪᠡᠳᠴᠢᠨ᠂ ᠴᠢᠰᠦᠨ ᠳᠠᠷᠤᠯᠳᠠ ᠦᠨᠳᠦᠷᠵᠢᠭᠦ ᠡᠪᠡᠳᠴᠢᠨ ᠵᠡᠷᠭᠡ ᠤᠵᠢᠬ ᠴᠢᠨᠠᠷᠳᠠᠢ ᠡᠪᠡᠳᠴᠢᠳᠠᠨ ᠤ ᠳᠤᠭ᠎ᠠ ᠳᠠᠯᠪᠠᠷᠡᠭᠰᠡᠨ ᠶᠤᠮ ᠰᠢᠭ ᠨᠡᠮᠡᠭᠳᠡᠭᠰᠡᠨ ᠤ ᠬᠠᠮᠤᠭ ᠤᠨ ᠦᠨᠳᠦᠰᠦᠨ ᠰᠢᠯᠳᠠᠭᠠᠨ ᠨᠢ ᠢᠳᠡᠭᠡᠨ ᠤᠮᠳᠠᠭᠠᠨ ᠤ ᠳᠡᠩᠴᠡᠭᠦᠷᠢ ᠠᠯᠳᠠᠭᠰᠠᠨ (ᠰᠠᠶᠢᠨ ᠬᠤᠭᠤᠯᠠᠨ ᠳᠤ ᠭᠡᠳᠦ ᠰᠢᠨᠤᠭᠰᠠᠨ᠂ ᠳᠠᠪᠤᠰᠤ ᠭᠡᠳᠦᠷᠡᠭᠰᠡᠨ ᠭᠡᠬᠦ ᠮᠡᠳᠦ)᠂ ᠬᠦᠳᠡᠯᠭᠡᠭᠡᠨ ᠬᠢᠬᠦ ᠳᠤᠷ᠎ᠠ ᠦᠭᠡᠢ᠂ ᠰᠡᠳᠭᠢᠯ ᠳᠠᠶᠢᠪᠤᠩ ᠪᠤᠰᠤ᠂ ᠳᠠᠮᠠᠬᠢ ᠳᠠᠳᠠᠵᠤ ᠠᠷᠢᠬᠢ ᠭᠡᠳᠦᠷᠡᠭᠰᠡᠨ ᠵᠡᠷᠭᠡ ᠳᠤ ᠪᠠᠶᠢᠨ᠎ᠠ᠃ ᠡᠭᠦᠨ ᠤ ᠳᠡᠭᠡᠷ᠎ᠡ ᠤᠯᠠᠩᠭᠢ ᠡᠪᠡᠳᠴᠢᠳᠠᠨ ᠪᠠᠰᠠ ᠨᠢᠭᠡᠨᠳᠡ ᠤᠯᠤᠭᠰᠠᠨ ᠤᠵᠢᠬ ᠡᠪᠡᠳᠴᠢᠨ ᠢᠶᠠᠨ ᠤᠯᠢᠬᠳᠠᠢ ᠳᠠᠷᠤᠵᠤ ᠳᠤᠭᠳᠠᠪᠤᠷᠢ ᠲᠠᠢ ᠪᠠᠶᠢᠯᠭᠠᠵᠤ ᠳᠡᠶᠢᠯᠬᠦ ᠦᠭᠡᠢ᠂ ᠢᠩᠬᠢᠭᠰᠡᠭᠡᠷ ᠪᠠᠶᠢᠵᠤ ᠪᠦᠭᠡᠷ᠎ᠡ ᠶᠢᠨ ᠡᠷᠡᠭᠦᠯ ᠮᠡᠨᠳᠦ ᠪᠠᠷ ᠢᠶᠠᠨ ᠳᠦᠯᠦᠭᠡᠰᠦ ᠪᠤᠯᠭᠠᠵᠤ ᠪᠠᠶᠢᠨ᠎ᠠ》 ᠭᠡᠵᠦ ᠶᠠᠷᠢᠬᠰᠠᠨ ᠪᠠᠶᠢᠨ᠎ᠠ᠃
ᠤᠵᠢᠬ ᠡᠪᠡᠳᠴᠢᠨ ᠠᠴᠠ ᠭᠠᠳᠠᠨ᠎ᠠ᠂ ᠳᠤᠷ᠎ᠠ ᠪᠠᠷ ᠢᠶᠠᠨ ᠡᠮ ᠭᠡᠷᠡᠭᠯᠡᠬᠦ ᠪᠠ ᠬᠠᠯᠳᠠᠪᠤᠷᠢᠯᠠᠯ ᠤᠨ ᠡᠯᠧᠮᠧᠨ᠋ᠲ ᠪᠤᠯ ᠮᠦᠨ ᠪᠦᠭᠡᠷ᠎ᠡ ᠶᠢᠨ ᠡᠪᠡᠳᠴᠢᠨ ᠡᠭᠦᠰᠭᠡᠬᠦ ᠤᠮᠳᠤᠭᠠᠢᠢᠯᠠᠵᠤ ᠪᠤᠯᠤᠰᠢ ᠦᠭᠡᠢ ᠰᠢᠯᠳᠠᠭᠠᠨ ᠪᠤᠯᠳᠠᠭ᠃ ᠵᠠᠷᠢᠮ ᠬᠢᠳᠠᠳ ᠡᠮ ᠤᠨ ᠮᠠᠲ᠋ᠧᠷᠢᠶᠠᠯ ᠳᠤ ᠬᠦᠭᠡᠨᠠ ᠡᠪᠡᠰᠦᠨ ᠤ ᠬᠦᠴᠢᠯ ᠠᠭᠤᠯᠤᠭᠳᠠᠵᠤ ᠪᠠᠶᠢᠳᠠᠭ᠂ ᠬᠦᠭᠡᠨᠠ ᠡᠪᠡᠰᠦᠨ ᠤ ᠬᠦᠴᠢᠯ ᠪᠤᠯ ᠨᠡᠶᠢᠳᠡ ᠪᠠᠷ ᠢᠶᠠᠨ ᠵᠦᠪᠰᠢᠶᠡᠷᠡᠭᠰᠡᠨ ᠪᠦᠭᠡᠷ᠎ᠡ ᠶᠢ ᠬᠤᠤᠷᠳᠠᠭᠤᠯᠳᠠᠭ ᠪᠤᠳᠠᠰ ᠪᠤᠯᠤᠨ᠎ᠠ᠂ ᠳᠡᠶᠢᠮᠦ ᠠᠴᠠ ᠬᠢᠳᠠᠳ ᠡᠮ ᠢ ᠳᠤᠷ᠎ᠠ ᠪᠠᠷ ᠢᠶᠠᠨ ᠤᠤᠭᠤᠬᠤ ᠳᠤ ᠬᠦᠷᠪᠡᠯ ᠡᠮ ᠠᠴᠠ ᠪᠤᠯᠤᠬᠰᠠᠨ ᠪᠦᠭᠡᠷ᠎ᠡ ᠶᠢᠨ ᠭᠡᠮᠳᠦᠯ ᠢ ᠡᠭᠦᠰᠭᠡᠬᠦ ᠠᠶᠤᠯ ᠢ ᠨᠡᠮᠡᠭᠳᠡᠭᠦᠯᠦᠨ᠎ᠠ ᠭᠡᠵᠦ ᠵᠧᠩ ᠹᠠ ᠯᠧᠢ ᠶᠠᠷᠢᠬᠰᠠᠨ ᠪᠠᠶᠢᠨ᠎ᠠ᠃
ᠭᠤᠨᠠᠨ ᠪᠡᠶᠡᠳᠦ ᠪᠤᠰᠤ ᠦᠷᠪᠢᠰᠦᠯ ᠢ ᠳᠠᠷᠤᠬᠤ ᠡᠮ᠂ ᠪᠠᠺᠲ᠋ᠧᠷᠢ ᠡᠰᠡᠷᠭᠦᠴᠡᠬᠦ ᠡᠮ᠂ ᠡᠪᠡᠳᠬᠦ ᠶᠢ ᠵᠤᠬᠰᠤᠭᠠᠬᠤ ᠡᠮ ᠵᠡᠷᠭᠡ ᠧᠦ᠋ᠷᠦᠫᠠ ᠡᠮ ᠢ ᠤᠷᠳᠤ ᠬᠤᠭᠤᠴᠠᠭ᠎ᠠ ᠪᠠᠷ ᠵᠤᠬᠢᠰ ᠦᠭᠡᠢ ᠬᠡᠷᠡᠭᠯᠡᠪᠡᠯ ᠮᠦᠨ ᠳᠡᠭᠡᠷᠡᠬᠢ ᠮᠡᠳᠦ ᠠᠰᠠᠭᠤᠳᠠᠯ ᠭᠠᠷᠤᠨ᠎ᠠ᠃
ᠪᠠᠺᠲ᠋ᠧᠷᠢ᠂ ᠸᠢᠷᠦ᠋ᠰ᠂ ᠰᠢᠮᠡᠬᠦᠷ ᠬᠤᠷᠤᠬᠠᠢ ᠵᠡᠷᠭᠡ ᠶᠢᠨ ᠬᠠᠯᠳᠠᠪᠤᠷᠢᠯᠠᠯ ᠨᠢ ᠮᠦᠨ ᠤᠵᠢᠬ ᠴᠢᠨᠠᠷᠳᠠᠢ ᠪᠦᠭᠡᠷ᠎ᠡ ᠶᠢᠨ ᠡᠪᠡᠳᠴᠢᠨ ᠡᠭᠦᠰᠭᠡᠵᠦ ᠮᠡᠳᠡᠨ᠎ᠠ᠂ ᠵᠢᠱᠢᠶᠡᠯᠡᠪᠡᠯ ᠬᠦᠢᠯᠡᠰᠦᠨ ᠪᠤᠯᠴᠢᠷᠬᠠᠢ ᠶᠢᠨ ᠦᠷᠪᠢᠰᠦᠯ᠂ ᠪᠤᠶᠢᠯᠡ ᠶᠢᠨ ᠦᠷᠪᠢᠰᠦᠯ᠂ ᠠᠭᠤᠰᠬᠢᠨ ᠤ ᠦᠷᠪᠢᠰᠦᠯ᠂ ᠠᠶᠢᠽ ᠡᠪᠡᠳᠴᠢᠨ ᠵᠡᠷᠭᠡ ᠠᠴᠠ ᠪᠤᠯᠵᠤ ᠪᠦᠭᠡᠷ᠎ᠠ ᠶᠢᠨ ᠡᠪᠡᠳᠴᠢᠨ ᠡᠭᠦᠰᠬᠦ ᠠᠶᠤᠯ ᠲᠠᠢ᠃
ᠰᠢᠨᠵᠢᠯᠡᠬᠦ ᠤᠬᠠᠭᠠᠨᠴᠢ ᠪᠠᠷ ᠡᠪᠡᠳᠴᠢᠨ ᠢ ᠰᠡᠷᠭᠡᠶᠢᠯᠡᠪᠡᠯ ᠵᠤᠬᠢᠨ᠎ᠠ
ᠡᠳᠦᠷ ᠳᠤᠳᠤᠮ ᠪᠦᠭᠡᠷ᠎ᠡ ᠶᠢᠨ ᠡᠪᠡᠳᠴᠢᠨ ᠢ ᠰᠡᠷᠭᠡᠶᠢᠯᠡᠬᠦ ᠳᠠᠯ᠎ᠠ ᠪᠠᠷ ᠵᠧᠩ ᠹᠠ ᠯᠧᠢ ᠳᠦᠷᠪᠡᠨ ᠳᠠᠯ᠎ᠠ ᠶᠢᠨ ᠰᠠᠨᠠᠭᠤᠯᠭ᠎ᠠ ᠦᠭᠭᠦᠭᠰᠡᠨ ᠪᠠᠶᠢᠨ᠎ᠠ᠄
ᠡᠷᠡᠭᠦᠯ ᠠᠮᠢᠳᠤᠷᠠᠯ ᠤᠨ ᠳᠠᠳᠬᠠᠯ ᠢ ᠪᠤᠢ ᠪᠤᠯᠭᠠᠨ᠎ᠠ᠃ ᠳᠠᠮᠠᠬᠢ ᠳᠠᠳᠠᠬᠤ ᠦᠭᠡᠢ ᠠᠷᠢᠬᠢ ᠭᠡᠳᠦᠷᠡᠬᠦ ᠦᠭᠡᠢ᠂ ᠢᠳᠡᠭᠡᠨ ᠤᠮᠳᠠᠭᠠᠨ ᠤ ᠳᠡᠩᠴᠡᠭᠦᠷᠢ ᠶᠢ ᠠᠩᠬᠠᠷᠴᠤ᠂ ᠳᠤᠰᠤ ᠶᠡᠬᠡᠳᠡᠢ᠂ ᠳᠠᠪᠤᠰᠤ ᠶᠡᠬᠡᠳᠡᠢ᠂ ᠰᠢᠬᠢᠷ ᠶᠡᠬᠡᠳᠡᠢ ᠢᠳᠡᠭᠡᠨ ᠢ ᠬᠠᠰᠤᠵᠤ᠂ ᠦᠷᠭᠦᠯᠵᠢ ᠪᠡᠶ᠎ᠡ ᠪᠠᠨ ᠪᠤᠯᠪᠠᠰᠤᠷᠠᠵᠤ᠂ ᠪᠡᠶ᠎ᠡ ᠶᠢᠨ ᠬᠦᠨᠳᠦ ᠪᠠᠨ ᠵᠤᠬᠢᠰᠳᠠᠢ ᠪᠠᠶᠢᠯᠭᠠᠨ᠂ ᠭᠡᠳᠦ ᠶᠠᠳᠠᠷᠠᠬᠤ ᠠᠴᠠ ᠵᠠᠶᠢᠯᠠᠰᠬᠢᠨ᠎ᠠ᠃
ᠤᠷᠴᠢᠨ ᠳᠤᠭᠤᠷᠢᠨ ᠪᠠ ᠬᠤᠪᠢ ᠪᠡᠶ᠎ᠡ ᠶᠢᠨ ᠠᠷᠢᠭᠤᠨ ᠴᠡᠪᠡᠷ ᠢ ᠪᠠᠳᠤᠯᠠᠨ᠎ᠠ᠃ ᠡᠪᠡᠳᠴᠢᠨ ᠡᠭᠦᠰᠭᠡᠵᠦ ᠮᠡᠳᠡᠬᠦ ᠪᠠᠺᠲ᠋ᠧᠷᠢ᠂ ᠸᠢᠷᠦ᠋ᠰ ᠪᠠ ᠰᠢᠮᠡᠭᠦᠷ ᠬᠤᠷᠤᠬᠠᠢ ᠶᠢᠨ ᠬᠠᠯᠳᠠᠪᠤᠷᠢᠯᠠᠯ ᠠᠴᠠ ᠴᠢᠳᠠᠬᠤ ᠶᠢᠨ ᠴᠢᠨᠡᠭᠡᠨ ᠳᠡᠭᠡᠨ ᠰᠡᠷᠭᠡᠶᠢᠯᠡᠨ᠎ᠠ᠃
ᠡᠮᠴᠢ ᠶᠢᠨ ᠵᠢᠯᠤᠭᠤᠳᠤᠯᠭ᠎ᠠ ᠪᠠᠷ ᠡᠮ ᠭᠡᠷᠡᠭᠯᠡᠨ᠎ᠠ᠃ ᠪᠠᠺᠲ᠋ᠧᠷᠢ ᠶᠢ ᠳᠠᠷᠤᠬᠤ᠂ ᠡᠪᠡᠳᠬᠦ ᠶᠢ ᠵᠤᠬᠰᠤᠭᠠᠬᠤ ᠡᠮ᠂ ᠬᠢᠳᠠᠳ ᠡᠮ ᠢ ᠦᠪᠡᠷ ᠢᠶᠠᠨ ᠡᠵᠡᠨ ᠮᠡᠳᠡᠵᠤ ᠤᠤᠭᠤᠬᠤ ᠦᠭᠡᠢ ᠪᠠᠶᠢᠵᠤ᠂ ᠰᠠᠨᠠᠭᠠᠨ ᠳᠤ ᠦᠭᠡᠢ ᠪᠠᠷ ᠪᠦᠭᠡᠷ᠎ᠡ ᠳᠤ ᠬᠤᠬᠢᠷᠠᠭᠤᠯᠤᠯ ᠤᠴᠠᠷᠠᠭᠤᠯᠬᠤ ᠠᠴᠠ ᠵᠠᠶᠢᠯᠠᠰᠬᠢᠨ᠎ᠠ᠃
ᠳᠤᠭᠳᠠᠭᠰᠠᠨ ᠬᠤᠭᠤᠴᠠᠭ᠎ᠠ ᠲᠠᠢ ᠰᠢᠭᠡᠰᠦᠨ ᠤ ᠰᠢᠯᠭᠠᠯᠳᠠ ᠪᠠ ᠪᠦᠭᠡᠷ᠎ᠡ ᠶᠢᠨ ᠴᠢᠳᠠᠪᠬᠢ ᠶᠢᠨ ᠪᠠᠶᠢᠴᠠᠭᠠᠯᠳᠠ ᠬᠢᠵᠤ ᠪᠠᠶᠢᠬᠤ ᠭᠡᠷᠡᠭᠳᠡᠢ᠃ ᠡᠷᠡᠭᠦᠯ ᠬᠦᠮᠦᠨ ᠵᠢᠯ ᠳᠤ ᠨᠢᠭᠡ ᠤᠳᠠᠭ᠎ᠠ᠂ ᠴᠢᠰᠦᠨ ᠳᠠᠷᠤᠯᠳᠠ ᠦᠨᠳᠦᠷᠵᠢᠭᠦ ᠡᠪᠡᠳᠴᠢᠨ᠂ ᠰᠢᠬᠢᠷ ᠰᠢᠵᠢᠩ ᠡᠪᠡᠳᠴᠢᠨ᠂ ᠪᠦᠭᠡᠷ᠎ᠡ ᠶᠢᠨ ᠡᠪᠡᠳᠴᠢᠨ ᠤ ᠭᠡᠷ ᠪᠦᠯᠢ ᠶᠢᠨ ᠳᠡᠦᠬᠡ ᠲᠠᠢ ᠬᠦᠮᠦᠰ ᠵᠢᠴᠢ 65 ᠨᠠᠰᠤ ᠶᠢ ᠳᠠᠪᠠᠭᠰᠠᠳ ᠬᠠᠭᠠᠰ ᠵᠢᠯ ᠳᠤ ᠨᠢᠭᠡ ᠤᠳᠠᠭ᠎ᠠ ᠪᠠᠶᠢᠴᠠᠭᠠᠯᠳᠠ ᠬᠢᠯᠭᠡᠪᠡᠯ ᠰᠠᠶᠢᠨ︔ ᠤᠵᠢᠭ ᠴᠢᠨᠠᠷᠳᠠᠢ ᠪᠦᠭᠡᠷ᠎ᠡ ᠶᠢᠨ ᠡᠪᠡᠳᠴᠢᠳᠡᠨ ᠡᠮᠴᠢ ᠶᠢᠨ ᠵᠠᠬᠢᠶᠠᠰᠤ ᠪᠠᠷ ᠳᠤᠬᠳᠠᠭᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠯᠭᠡᠵᠦ ᠪᠠᠶᠢᠪᠠᠯ ᠵᠤᠬᠢᠨ᠎ᠠ᠃
ᠪᠦᠭᠡᠷ᠎ᠡ ᠶᠢᠨ ᠡᠪᠡᠳᠴᠢᠨ ᠤ ᠳᠤᠬᠢᠶ᠎ᠠ ᠶᠢ ᠰᠠᠨᠠᠭᠠᠨ ᠳᠠᠭᠠᠨ ᠠᠪᠤᠭᠠᠷᠠᠢ
ᠡᠷᠡᠭᠦᠯ ᠬᠦᠮᠦᠨ ᠤ ᠪᠡᠶ᠎ᠡ ᠳᠤ ᠵᠠᠷᠢᠮ ᠢᠯᠡᠷᠡᠯ ᠭᠠᠷᠪᠠᠯ ᠪᠦᠭᠡᠷ᠎ᠡ ᠶᠢᠨ ᠡᠪᠡᠳᠴᠢᠨ ᠤ ᠳᠤᠬᠢᠶ᠎ᠠ ᠪᠠᠶᠢᠵᠤ ᠮᠡᠳᠡᠨ᠎ᠠ᠂ ᠳᠠᠷᠦ᠋ᠢᠬᠠᠨ ᠡᠮᠨᠡᠯᠭᠡ ᠳᠤ ᠬᠦᠷᠴᠦ ᠪᠠᠶᠢᠴᠠᠭᠠᠯᠳᠠ ᠬᠢᠵᠦ ᠡᠷᠳᠡ ᠳᠤᠳᠤᠯᠠᠵᠤ ᠡᠷᠳᠡ ᠡᠮᠨᠡᠬᠦ ᠶᠢ ᠬᠡᠵᠢᠶ᠎ᠡ ᠴᠤ ᠤᠮᠳᠤᠭᠠᠢᠢᠯᠠᠵᠤ ᠪᠤᠯᠬᠤ ᠦᠭᠡᠢ ᠭᠡᠵᠦ ᠯᠦ ᠹᠠᠩ ᠫᠢᠩ ᠰᠠᠨᠠᠭᠤᠯᠵᠤ ᠪᠠᠶᠢᠨ᠎ᠠ᠃
ᠪᠤᠳᠠᠳᠠᠢ ᠢᠯᠡᠷᠡᠯ ᠨᠢ᠄
ᠤᠨᠳᠠᠬᠤ ᠠᠴᠠ ᠪᠠᠨ ᠡᠮᠦᠨ᠎ᠠ ᠤᠰᠤ ᠶᠡᠭᠡ ᠤᠤᠭᠤᠭᠰᠠᠨ ᠦᠭᠡᠢ ᠪᠠᠶᠢᠳᠠᠯ ᠳᠤ ᠰᠦᠨᠢ ᠪᠤᠰᠴᠤ ᠰᠢᠭᠡᠬᠦ ᠳᠤᠭ᠎ᠠ ᠤᠯᠠᠨ ᠪᠤᠯᠵᠤ ᠰᠢᠭᠡᠰᠦᠨ ᠤ ᠬᠡᠮᠵᠢᠶ᠎ᠠ ᠨᠡᠮᠡᠭᠳᠡᠬᠦ︔
ᠰᠢᠭᠡᠰᠦᠨ ᠳᠤ ᠭᠡᠯᠬᠢᠯᠳᠦᠭᠰᠡᠨ ᠵᠢᠵᠢᠭ ᠬᠦᠭᠡᠰᠦ ᠭᠠᠷᠴᠤ᠂ ᠨᠡᠯᠢᠶᠡᠳ ᠤᠷᠳᠤ ᠬᠤᠭᠤᠴᠠᠭᠠᠨ ᠳᠤ ᠰᠠᠷᠨᠢᠵᠤ ᠠᠯᠠᠭ᠎ᠠ ᠪᠤᠯᠬᠤ ᠦᠭᠡᠢ ᠪᠠᠶᠢᠬᠤ︔ ᠠᠨᠢᠰᠬ᠎ᠠ᠂ ᠬᠦᠯ ᠭᠠᠷ᠂ ᠱᠠᠭ᠎ᠠ ᠶᠢᠨ ᠦᠶ᠎ᠠ ᠬᠠᠪᠤᠩᠨᠠᠬᠤ︔
ᠴᠢᠰᠦᠨ ᠳᠠᠷᠤᠯᠳᠠ ᠦᠨᠳᠦᠷᠵᠢᠬᠦ ᠡᠪᠡᠳᠴᠢᠨ ᠤ ᠭᠡᠷ ᠪᠦᠯᠢ ᠶᠢᠨ ᠳᠡᠦᠬᠡ ᠦᠭᠡᠢ ᠵᠠᠯᠠᠭᠤ ᠬᠦᠮᠦᠨ ᠳᠤ ᠤᠷᠳᠤ ᠬᠤᠭᠤᠴᠠᠭ᠎ᠠ ᠪᠠᠷ ᠴᠢᠰᠦᠨ ᠳᠠᠷᠤᠯᠳᠠ ᠦᠨᠳᠦᠷᠵᠢᠬᠦ ᠪᠠᠶᠢᠳᠠᠯ ᠭᠠᠷᠬᠤ︔ ᠦᠷᠭᠦᠯᠵᠢ ᠨᠢᠷᠤᠭᠤ ᠡᠪᠡᠳᠬᠦ᠃
《ᠪᠦᠭᠡᠷ᠎ᠡ ᠶᠢᠨ ᠡᠪᠡᠳᠴᠢᠨ ᠭᠡᠵᠦ ᠳᠤᠳᠤᠯᠠᠬᠤ ᠲᠠᠢ ᠵᠡᠷᠭᠡ ᠯᠡ ᠰᠦᠨᠡᠰᠦ ᠦᠭᠡᠢ ᠪᠤᠯᠴᠢᠬᠠᠵᠤ ᠪᠤᠯᠬᠤ ᠦᠭᠡᠢ᠂ ᠡᠷᠳᠡ ᠳᠤᠮᠳᠠ ᠱᠠᠳᠤᠨ ᠤ ᠪᠦᠭᠡᠷ᠎ᠡ ᠶᠢᠨ ᠡᠪᠡᠳᠴᠢᠨ ᠨᠢ ᠪᠠᠷᠤᠭ ᠪᠦᠷ ᠵᠤᠬᠢᠬᠤ ᠬᠡᠮᠵᠢᠶᠡᠨ ᠤ ᠵᠠᠰᠠᠪᠤᠷᠢ ᠠᠪᠬᠤ ᠪᠤᠯᠤᠮᠵᠢ ᠲᠠᠢ ᠪᠠᠶᠢᠳᠠᠭ᠃ ᠳᠡᠶᠢᠮᠦ ᠠᠴᠠ ᠠᠮᠢᠳᠤᠷᠠᠯ ᠤᠨ ᠳᠠᠳᠬᠠᠯ ᠢᠶᠠᠨ ᠰᠠᠶᠢᠵᠢᠷᠠᠭᠤᠯᠵᠤ᠂ ᠡᠮᠴᠢ ᠲᠠᠢ ᠬᠠᠮᠵᠢᠯᠴᠠᠨ ᠰᠠᠶᠢᠳᠤᠷ ᠡᠮᠨᠡᠭᠦᠯᠬᠦ ᠳᠤ ᠬᠦᠷᠪᠡᠯ ᠡᠮᠴᠢᠯᠡᠭᠡᠨ ᠤ ᠦᠷ᠎ᠡ ᠳ᠋ᠦᠩ ᠨᠢ ᠰᠠᠨᠠᠭᠠᠨ ᠠᠴᠠ ᠭᠠᠳᠠᠭᠤᠷ ᠰᠠᠶᠢᠨ ᠪᠠᠶᠢᠵᠤ ᠮᠡᠳᠡᠨ᠎ᠠ》 ᠭᠡᠵᠦ ᠵᠧᠩ ᠹᠠ ᠯᠧᠢ ᠰᠠᠨᠠᠭᠤᠯᠵᠤ ᠪᠠᠶᠢᠨ᠎ᠠ
ᠢᠷᠡᠯᠳᠡ :
ᠦᠪᠦᠷ ᠮᠤᠩᠭᠤᠯ ᠤᠨ ᠡᠳᠦᠷ ᠦᠨ ᠰᠤᠨᠢᠨ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ