ᠲᠦᠮᠦᠰᠦ ᠪᠤᠯ ᠪᠢᠳᠡᠨ ᠤ ᠦᠷᠬᠦᠯᠵᠢ ᠢᠳᠡᠳᠡᠭ ᠢᠳᠡᠰᠢᠨ ᠨᠤᠭᠤᠭ᠎ᠠ᠂ ᠲᠡᠭᠡᠪᠡᠴᠦ ᠲᠦᠮᠦᠰᠦ ᠢᠳᠡᠬᠦ ᠲᠤᠬᠠᠢ ᠡᠨᠳᠡᠭᠦᠦ ᠪᠤᠷᠤᠭᠤ ᠤᠶᠢᠯᠠᠭᠠᠯᠲᠠ ᠴᠦ ᠵᠦᠡᠭᠳᠡᠭᠡᠨ ᠪᠠᠶᠢᠳᠠᠬ᠃ ᠲᠡᠶᠢᠨᠬᠦ ᠡᠨᠳᠡ ᠲᠠ ᠪᠦᠬᠦᠨ ᠳ᠋ᠡᠭᠡᠨ ᠲᠤᠰᠬᠠᠢ ᠮᠡᠷᠭᠡᠵᠢᠯᠲᠡᠨ ᠤ ᠲᠠᠶᠢᠯᠪᠤᠷᠢᠯᠠᠬᠰᠠᠨ ᠢ ᠵᠦᠪᠯᠡᠮᠵᠢ ᠪᠤᠯᠭᠠᠨ ᠲᠡᠪᠰᠢᠭᠦᠯᠦᠶ᠎ᠡ᠃

︀1.ᠰᠠ ᠳ᠋ᠦ ᠲᠠᠭᠠᠷᠢᠬᠳᠠᠬᠤ ᠶᠢ ᠰᠡᠷᠬᠡᠶᠢᠯᠡᠨ᠎ᠡ᠃ ᠲᠦᠮᠦᠰᠦᠨ ᠳ᠋ᠦ ᠮᠠᠰᠢ ᠡᠯᠪᠡᠭ ᠠᠭᠤᠯᠤᠳᠠᠭ᠎ᠠ ᠸᠢᠲ᠋ᠠᠮᠢᠨB ᠶᠢᠨ ᠪᠦᠯᠦᠭ ᠪᠤᠯᠤᠨ ᠤᠨᠴᠠ ᠰᠠᠶᠢᠨ ᠰᠢᠷᠬᠡᠭᠯᠢᠭ ᠡᠳ᠋ ᠪᠡᠶ᠎ᠡ ᠮᠠᠬᠠᠪᠤᠳ ᠤᠨ ᠦᠳᠡᠯᠵᠦ ᠳᠤᠷᠤᠶᠢᠳᠠᠬᠤ ᠶᠢ ᠤᠳᠠᠭᠠᠰᠢᠷᠠᠭᠤᠯᠬᠤ ᠳ᠋ᠦ ᠴᠢᠬᠤᠯᠠ ᠦᠢᠯᠡᠳᠦᠯ ᠦᠵᠡᠭᠦᠯᠳᠡᠭ᠃ ᠲᠦᠮᠦᠰᠦᠨ ᠳ᠋ᠦ ᠡᠯᠪᠡᠭ ᠪᠠᠶᠢᠳᠠᠬ ᠢᠳᠡᠰᠢ ᠶᠢᠨ ᠰᠢᠷᠬᠡᠭᠯᠢᠭ ᠪᠤᠯᠤᠨ ᠨᠢᠰᠢᠡᠭᠭᠦ ᠶᠢᠨ ᠰᠢᠬᠢᠷ ᠰᠢᠡᠭᠭᠡᠭᠡᠯᠲᠡ ᠶᠢᠨ ᠵᠠᠮ ᠤᠨ ᠦᠮᠡᠨ ᠢ ᠰᠡᠷᠬᠡᠶᠢᠯᠡᠨ ᠡᠮᠴᠢᠯᠡᠵᠦ᠂ ᠴᠢᠰᠦᠨ ᠳ᠋ᠡᠬᠢ ᠰᠦᠰᠦᠨ ᠴᠢᠯᠠᠭᠤᠯᠢᠬ ᠠᠯᠺᠤᠤᠯ ᠤᠨ ᠠᠭᠤᠯᠤᠬᠳᠠᠴᠠ ᠶᠢ ᠡᠷᠬᠡᠰᠢᠶᠡᠬᠦ ᠳ᠋ᠦ ᠲᠤᠰᠠᠲᠠᠢ᠃ ᠡᠭᠦᠨ ᠤ ᠳᠤᠲᠤᠷᠠᠬᠢ ᠨᠢᠯᠴᠠᠭᠠᠢ ᠤᠭᠤᠷᠠᠬ ᠨᠢ ᠵᠢᠷᠦᠬᠡ ᠴᠢᠰᠦᠨ ᠰᠤᠳᠠᠯ ᠤᠨ ᠡᠪᠡᠳᠴᠢᠨ ᠭᠡᠮ ᠢ ᠤᠷᠢᠳᠴᠢᠯᠠᠨ ᠰᠡᠷᠬᠡᠶᠢᠯᠡᠳᠡᠭ᠃ ᠲᠦᠮᠦᠰᠦ ᠪᠠᠰᠠ ᠺᠠᠯᠢ ᠶᠢᠨ ᠡᠯᠧᠮᠧᠨ᠋ᠲ ᠡᠯᠪᠡᠭ ᠠᠭᠤᠯᠤᠬᠳᠠᠳᠠᠬ ᠪᠠᠨᠠᠨᠠ᠂ ᠭᠦᠢᠯᠡᠰᠦ᠂ ᠲᠤᠭᠤᠷ ᠲᠠᠢ ᠠᠳᠠᠯᠢᠬᠠᠨ ᠰᠠ ᠡᠪᠡᠳᠴᠢᠨ ᠳᠤᠰᠬᠤ ᠠᠶᠤᠯ ᠢ ᠪᠠᠭᠠᠰᠬᠠᠬᠤ ᠮᠦᠷᠳᠡᠬᠡᠨ ᠶᠠᠮᠠᠷᠴᠦ ᠭᠠᠵᠢᠭᠤ ᠦᠢᠯᠡᠳᠦᠯ ᠦᠭᠡᠢ᠃ ᠰᠤᠳᠤᠯᠭᠠᠳᠠᠳ᠂ ᠡᠳᠦᠷ ᠪᠤᠯᠭᠠᠨ ᠨᠢᠭᠡ ᠲᠦᠮᠦᠰᠦ ᠢᠳᠡᠪᠡᠯ ᠰᠠ ᠳ᠋ᠦ ᠲᠠᠭᠠᠷᠢᠬᠳᠠᠬᠤ ᠳᠤᠬᠢᠶᠠᠯᠳᠤᠮᠵᠢ 40% ᠪᠡᠷ ᠳᠤᠷᠤᠬᠰᠢᠯᠠᠨ᠎ᠠ ᠭᠡᠵᠦ ᠵᠢᠭᠠᠵᠦ ᠭᠠᠷᠭᠠᠬᠰᠠᠨ ᠪᠠᠶᠢᠨ᠎ᠠ᠃ 

2.ᠮᠠᠷᠢᠶ᠎ᠠ ᠰᠢᠭᠤᠷᠠᠨ᠎ᠠ : ᠡᠡᠭ ᠲᠡᠷᠢᠭᠦᠨ ᠳ᠋ᠦ᠂ ᠲᠦᠮᠦᠰᠦ ᠢᠳᠡᠬᠦ ᠳ᠋ᠦ ᠪᠡᠶ᠎ᠡ ᠮᠠᠬᠠᠪᠤᠳ ᠲᠦ ᠦᠭᠡᠬᠦ ᠬᠤᠷᠠᠮᠳᠤᠬᠤ ᠡᠴᠡ ᠰᠠᠨᠠᠭ᠎ᠠ ᠠᠯᠭᠠᠰᠬᠤ ᠤᠴᠢᠷ ᠦᠭᠡᠢ᠃ ᠲᠡᠭᠦᠨ ᠳ᠋ᠦ᠂ ᠵᠦᠪᠬᠡᠨ 0.1%  ᠶᠢᠨ ᠯᠡ ᠦᠭᠡᠬᠦ ᠠᠭᠤᠯᠤᠬᠳᠠᠳᠠᠬ᠃ ᠲᠡᠶᠢᠨᠬᠦ᠂ ᠡᠳᠦᠷ ᠪᠤᠯᠭᠠᠨ ᠲᠦᠮᠦᠰᠦ ᠢᠯᠡᠭᠦᠬᠡᠨ ᠢᠳᠡᠪᠡᠯ ᠪᠡᠶ᠎ᠡ ᠮᠠᠬᠠᠪᠤᠳ ᠲᠦ ᠰᠢᠡᠭᠭᠡᠬᠦ ᠦᠭᠡᠬᠦ ᠬᠠᠰᠤᠬᠳᠠᠵᠦ᠂ ᠢᠯᠡᠭᠦᠴᠡ ᠦᠭᠡᠬᠦ ᠠᠯᠭᠤᠷ ᠰᠤᠯᠢᠯᠴᠠᠭ᠎ᠠ ᠪᠡᠷ ᠭᠠᠳᠠᠬᠰᠢᠯᠠᠬᠤ ᠪᠤᠯᠤᠨ ᠠ᠃ ᠲᠠᠬᠢᠪᠠᠯ ᠲᠦᠮᠦᠰᠦ ᠢᠳᠡᠪᠡᠯ ᠰᠢᠮ᠎ᠡ ᠲᠡᠵᠢᠭᠡᠯ ᠴᠤᠯᠭᠤᠶᠢᠳᠠᠨ ᠡᠷᠡᠭᠦᠯ ᠮᠡᠨᠳᠦ ᠬᠤᠬᠢᠷᠠᠬᠤ ᠡᠴᠡ ᠰᠠᠨᠠᠭ᠎ᠠ ᠵᠤᠪᠠᠬᠤ ᠵᠦᠢᠯ ᠦᠭᠡᠢ᠃ ᠲᠦᠮᠦᠰᠦᠨ ᠳ᠋ᠦ ᠠᠭᠤᠯᠤᠬᠳᠠᠭ᠎ᠠ ᠰᠢᠯᠢᠳᠡᠭ ᠴᠢᠨᠠᠷ ᠤᠨ ᠤᠭᠤᠷᠠᠬ ᠤᠨ ᠰᠢᠮ᠎ᠡ ᠲᠡᠵᠢᠭᠡᠯ ᠤᠨ ᠦᠷᠳᠡᠭ ᠴᠦ ᠲᠡᠷᠡ᠂ ᠡᠷᠡᠭᠦᠯᠵᠢᠯ ᠤᠨ ᠦᠢᠯᠡᠳᠦᠯ ᠨᠢ ᠴᠦ ᠪᠤᠯᠤᠬ᠂ ᠪᠦᠷ ᠰᠢᠷ᠎ᠠ ᠪᠤᠷᠴᠠᠬ ᠡᠴᠡ ᠳᠤᠤᠷᠠᠳᠠᠬᠤ ᠦᠭᠡᠢ᠃ ᠪᠡᠶ᠎ᠡ ᠮᠠᠬᠠᠪᠤᠳ ᠲᠦ ᠱᠠᠭᠠᠷᠳᠠᠬᠳᠠᠳᠠᠬ ᠨᠡᠭᠦᠷᠡᠰᠦ ᠤᠰᠤᠨ ᠤ ᠨᠢᠭᠡᠳᠪᠦᠷᠢ᠂ ᠡᠯ᠎ᠡ ᠵᠦᠢᠯ ᠤᠨ ᠸᠢᠲ᠋ᠠᠮᠢᠨ᠂ ᠡᠷᠦᠳᠡᠰᠦ ᠪᠤᠳᠠᠰ ᠵᠡᠷᠭᠡ ᠶᠢᠨ ᠪᠤᠰᠤᠳ ᠰᠢᠮ᠎ᠡ ᠲᠡᠵᠢᠭᠡᠯᠲᠦ ᠪᠤᠳᠠᠰ ᠨᠢ ᠴᠦ ᠳᠤᠲᠤᠷᠭ᠎ᠠ᠂ ᠭᠤᠯᠢᠷ ᠡᠴᠡ ᠨᠡᠡᠭ ᠪᠦᠷᠢᠨ ᠲᠡᠭᠦᠯᠳᠡᠷ ᠪᠠᠶᠢᠳᠠᠬ᠃ ᠤᠷᠴᠢᠮ ᠤᠨ ᠵᠢᠯ ᠡᠴᠡ ᠢᠲ᠋ᠠᠯᠢ᠂ ᠢᠰᠫᠠᠨᠢ᠂ ᠠᠮᠧᠷᠢᠺᠠ᠂ ᠺᠠᠨᠠᠳᠠ᠂ ᠤᠷᠤᠰ ᠵᠡᠷᠭᠡ ᠤᠯᠤᠰ ᠤᠷᠤᠨ ᠳ᠋ᠦ ᠤᠷᠢᠳ ᠬᠤᠵᠢᠳ ᠨᠢᠭᠡ ᠪᠦᠯᠦᠭ ᠦᠪᠡᠷᠮᠢᠴᠡ ᠦᠨᠦᠷ ᠠᠮᠳᠠ ᠪᠦᠬᠦᠢ ᠲᠦᠮᠦᠰᠦᠨ ᠵᠠᠰᠠᠯᠭ᠎ᠠ ᠶᠢᠨ ᠬᠤᠭᠤᠯᠠᠨ ᠭᠡᠷ ᠡᠭᠦᠳᠡ ᠡᠷᠦᠬᠡ ᠪᠡᠨ ᠰᠡᠭᠦᠵᠦ᠂ ᠪᠡᠶ᠎ᠡ ᠴᠢᠬᠢᠷᠠᠬᠵᠢᠭᠤᠯᠤᠨ᠂ ᠮᠠᠷᠢᠶ᠎ᠠ ᠮᠢᠬ᠎ᠠ ᠪᠠᠨ ᠰᠢᠭᠤᠷᠠᠭᠤᠯᠵᠦ᠂ ᠭᠤᠸ᠎ᠠ ᠰᠠᠶᠢᠬᠠᠨ ᠢ ᠬᠦᠭᠡᠭᠡᠴᠡᠯᠳᠦᠳᠡᠭ ᠬᠦᠮᠦᠰ ᠤᠨ ᠡᠳᠦᠷ ᠳᠤᠲᠤᠮ ᠤᠨ ᠬᠦᠰᠡᠯ ᠬᠦᠭᠡᠭᠡᠴᠡᠯᠳᠦᠯ ᠢ ᠬᠠᠡᠭᠭᠠᠨ ᠪᠠᠶᠢᠨ᠎ᠠ᠃

3.ᠬᠤᠳᠤᠭᠤᠳᠤ ᠶᠢ ᠰᠤᠪᠢᠯᠠᠨ᠎ᠠ᠄ ᠬᠢᠳᠠᠳ ᠡᠮᠨᠡᠯᠭᠡ ᠲᠦᠮᠦᠰᠦ ᠬᠤᠳᠤᠭᠤᠳᠦ ᠶᠢ ᠰᠤᠪᠢᠯᠠᠵᠦ᠂ ᠲᠡᠯᠢᠭᠦᠦ ᠶᠢ ᠴᠢᠬᠢᠷᠠᠬᠵᠢᠭᠤᠯᠤᠨ᠂ ᠬᠤᠳᠤᠭᠤᠳᠤᠨ ᠤ ᠰᠢᠷᠬᠠᠯᠠᠭ᠎ᠠ ᠶᠢ ᠡᠮᠴᠢᠯᠡᠨ᠎ᠡ ᠭᠡᠵᠦ ᠦᠵᠡᠳᠡᠭ᠃ ᠵᠤᠷᠰᠢᠯ ᠤᠨ ᠴᠢᠨᠠᠷᠲᠠᠢ ᠬᠤᠷᠭᠤᠰᠤᠯᠠᠳᠠᠬ ᠡᠪᠡᠳᠴᠢᠨ ᠭᠡᠮ ᠳ᠋ᠦ ᠮᠠᠰᠢ ᠲᠤᠰᠠᠲᠠᠢ ᠮᠦᠷᠳᠡᠬᠡᠨ ᠬᠤᠤᠷ ᠲᠠᠶᠢᠯᠵᠦ᠂ ᠦᠷᠪᠢᠰᠦᠯ ᠢ ᠲᠠᠷᠤᠬᠤ ᠦᠢᠯᠡᠳᠦᠯ ᠲᠠᠢ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ