1. ᠠᠨᠠᠷ᠄ ᠰᠢᠮᠡᠰᠦ ᠲᠦᠷᠦᠭᠦᠯᠵᠦ᠂ ᠴᠠᠡᠭᠭᠠᠵᠦ ᠤᠮᠳᠠᠭᠠᠰᠬᠤ ᠶᠢ ᠬᠤᠷᠢᠬᠯᠠᠬᠤ ᠦᠢᠯᠡᠳᠦᠯ ᠲᠠᠢ᠃ ᠰᠢᠯᠦᠰᠦ ᠬᠦᠷᠦᠯᠴᠡᠬᠦ ᠦᠭᠡᠢ᠂ ᠠᠮᠠ ᠬᠠᠭᠤᠷᠠᠶᠢᠰᠢᠨ᠂ ᠬᠤᠭᠤᠯᠠᠢ ᠬᠠᠳᠠᠳᠠᠬ ᠬᠦᠮᠦᠰ ᠠᠨᠠᠷ ᠢ ᠰᠢᠭᠦᠰᠦᠵᠢᠭᠦᠯᠦᠭᠡᠳ ᠪᠤᠶᠤ ᠡᠰᠡᠭᠦᠯ᠎ᠡ ᠠᠨᠠᠷ ᠢ ᠴᠢᠨᠠᠭᠠᠳ ᠤᠤᠭᠤᠪᠠᠯ ᠬᠠᠯᠠᠭᠤᠨ ᠢ ᠲᠠᠭᠤᠵᠦ ᠬᠤᠤᠷ ᠲᠠᠶᠢᠯᠤᠨ᠂ ᠠᠭᠤᠰᠬᠢ ᠶᠢ ᠵᠦᠭᠡᠯᠡᠷᠡᠭᠦᠯᠦᠨ ᠬᠠᠨᠢᠶᠠᠳᠦ ᠶᠢ ᠵᠤᠬᠰᠤᠭᠠᠨ᠎ᠠ᠃ 

2.ᠬᠡᠯᠡᠭᠡᠢ ᠰᠠᠷᠠᠨ᠎ᠠ᠄ ᠠᠭᠤᠰᠬᠢ ᠶᠢ ᠵᠦᠭᠡᠯᠡᠷᠡᠭᠦᠯᠦᠨ᠂ ᠬᠠᠨᠢᠶᠠᠳᠦ ᠶᠢ ᠵᠤᠬᠰᠤᠭᠠᠵᠦ᠂ ᠰᠡᠳᠭᠢᠯ ᠰᠠᠨᠠᠭ᠎ᠠ ᠶᠢ ᠲᠠᠶᠢᠪᠤᠷᠢᠰᠢᠭᠤᠯᠤᠨ᠎ᠠ᠃ ᠠᠭᠤᠰᠬᠢᠨ ᠰᠦᠷᠢᠶ᠎ᠡ᠂ ᠰᠠᠯᠪᠤᠷᠢ ᠮᠦᠭᠡᠷᠡᠰᠦᠨ ᠬᠤᠭᠤᠯᠠᠢ ᠶᠢᠨ ᠦᠷᠪᠢᠰᠦᠯ᠂ ᠰᠠᠯᠪᠤᠷᠢ ᠮᠦᠭᠡᠷᠡᠰᠦᠨ ᠬᠤᠭᠤᠯᠠᠢ ᠶᠢᠨ ᠲᠡᠯᠡᠭᠳᠡᠯ ᠪᠤᠯᠤᠨ ᠡᠯ᠎ᠡ ᠵᠦᠢᠯ ᠤᠨ ᠬᠠᠭᠤᠷᠠᠢ ᠡᠴᠡ ᠪᠤᠯᠤᠬᠰᠠᠨ ᠡᠪᠡᠳᠴᠢᠨ ᠭᠡᠮ ᠢ ᠨᠡᠯᠢᠶᠡᠳ ᠪᠦᠳᠦᠮᠵᠢᠲᠡᠢ ᠡᠮᠨᠡᠨ ᠵᠠᠰᠠᠨ᠎ᠠ᠃ ᠬᠡᠯᠡᠭᠡᠢ ᠰᠠᠷᠠᠨ᠎ᠠ ᠶᠢ ᠪᠤᠯᠭᠤᠭᠠᠳ ᠪᠤᠶᠤ ᠴᠢᠨᠠᠭᠠᠳ ᠢᠳᠡᠪᠡᠯ ᠤᠳᠠᠭᠠᠨ ᠡᠳᠦᠷ︉  ᠤᠨ ᠬᠠᠨᠢᠶᠠᠳᠦ᠂ ᠬᠠᠭᠤᠷᠠᠢ ᠬᠠᠨᠢᠶᠠᠳᠦ᠂ ᠬᠤᠭᠤᠯᠠᠢ ᠡᠪᠡᠳᠬᠦ ᠵᠡᠷᠭᠡ ᠭᠡᠮ ᠡᠳᠡᠭᠡᠷᠡᠨ᠎ᠡ᠃

3. ᠮᠦᠡᠭᠭᠦᠨ ᠳᠠᠯᠳᠠᠤ᠄ ᠮᠦᠡᠭᠭᠦᠨ ᠳᠠᠯᠳᠠᠤ ᠠᠭᠤᠰᠬᠢ ᠶᠢ ᠵᠦᠭᠡᠯᠡᠷᠡᠭᠦᠯᠵᠦ᠂ ᠴᠠᠷ ᠢ ᠬᠤᠪᠬᠤᠷᠠᠭᠤᠯᠤᠨ᠂ ᠪᠢᠯᠢᠭ ᠢ ᠲᠡᠵᠢᠭᠡᠨ᠂ ᠰᠢᠮᠡᠰᠦ ᠲᠦᠷᠦᠭᠦᠯᠦᠨ᠎ᠡ᠃ ᠨᠤᠭᠤᠭ᠎ᠠ ᠵᠠᠭᠤᠰᠢ ᠬᠢᠬᠦ ᠪᠤᠶᠤ ᠴᠢᠨᠠᠵᠦ ᠰᠢᠯᠵᠠᠯᠠᠭᠠᠳ ᠢᠳᠡᠪᠡᠯ᠂ ᠪᠢᠯᠢᠭ ᠤᠨ ᠲᠠᠮᠢᠷ ᠳᠤᠷᠤᠢ᠂ ᠬᠠᠭᠤᠷᠠᠢ ᠪᠡᠷ ᠴᠠᠷ ᠦᠭᠡᠢ ᠬᠠᠨᠢᠶᠠᠬᠤ ᠪᠤᠶᠤ ᠴᠠᠷ ᠠᠷᠪᠢᠳᠬᠤ᠂ ᠬᠤᠭᠤᠯᠠᠢ ᠠᠮᠠ ᠬᠠᠳᠠᠵᠦ ᠴᠠᠡᠭᠭᠠᠬᠤ ᠵᠡᠷᠭᠡ ᠭᠡᠮ ᠢ ᠵᠠᠰᠠᠨ᠎ᠠ᠃ ᠬᠡᠯᠡᠭᠡᠢ ᠰᠠᠷᠠᠨ᠎ᠠ ᠶᠢ ᠡᠭᠡᠳᠡᠡᠭ ᠪᠤᠯᠭᠠᠭᠠᠳ ᠡᠳ᠋ᠯᠡᠪᠡᠯ ᠨᠡᠡᠭ ᠰᠠᠶᠢᠨ ᠡᠮᠴᠢᠯᠡᠭᠡᠨ ᠤ ᠦᠷ᠎ᠡ ᠳ᠋ᠦᠡᠭ ᠳ᠋ᠦ ᠬᠦᠷᠦᠨ᠎ᠡ᠃

4.ᠠᠯᠢᠮ᠎ᠠ᠄ ᠬᠠᠯᠠᠭᠤᠨ ᠢ ᠲᠠᠭᠤᠨ᠂ ᠬᠤᠤᠷ ᠲᠠᠶᠢᠯᠵᠦ᠂ ᠠᠭᠤᠰᠬᠢ ᠶᠢ ᠵᠦᠭᠡᠯᠡᠷᠡᠭᠦᠯᠦᠨ᠂ ᠰᠢᠮᠡᠰᠦ ᠲᠦᠷᠦᠭᠦᠯᠵᠦ᠂ ᠬᠠᠨᠢᠶᠠᠳᠦ ᠶᠢ ᠵᠤᠬᠰᠤᠭᠠᠨ ᠴᠠᠷ ᠬᠤᠪᠬᠤᠷᠠᠭᠤᠯᠤᠨ᠎ᠠ᠃ ᠲᠦᠭᠦᠬᠡᠢ ᠪᠡᠷ ᠢᠳᠡᠬᠦ᠂ ᠤᠮᠳᠠᠭᠠᠨ ᠪᠤᠯᠭᠠᠨ ᠤᠤᠭᠤᠬᠤ᠂ ᠴᠢᠨᠠᠵᠦ ᠢᠳᠡᠬᠦ᠂ ᠪᠤᠴᠠᠯᠭᠠᠵᠦ ᠬᠠᠨᠳᠠᠯᠠᠬᠤ ᠵᠡᠷᠭᠡ ᠨᠢ ᠪᠦᠷ ᠠᠭᠤᠰᠬᠢᠨ ᠬᠠᠯᠠᠭᠤᠨ ᠢᠶᠡᠷ ᠬᠠᠨᠢᠶᠠᠯᠭᠠᠬᠤ᠂ ᠤᠯᠠᠭᠠᠨ ᠨᠤᠳ ᠪᠤᠯᠤᠨ ᠨᠠᠰᠤᠲᠠᠶᠢᠴᠤᠳ ᠤᠨ ᠪᠤᠬᠰᠢᠭ᠎ᠠ ᠬᠠᠨᠢᠶᠠᠳᠦ᠂ ᠰᠠᠯᠪᠤᠷᠢ ᠮᠦᠭᠡᠷᠡᠰᠦᠨ ᠬᠤᠭᠤᠯᠠᠢ ᠶᠢᠨ ᠦᠷᠪᠢᠰᠦᠯ ᠵᠡᠷᠭᠡ ᠡᠪᠡᠳᠴᠢᠨ ᠭᠡᠮ ᠢ ᠨᠡᠯᠢᠶᠡᠳ ᠪᠦᠳᠦᠮᠵᠢᠲᠡᠢ ᠡᠮᠨᠡᠬᠦ ᠦᠢᠯᠡᠳᠦᠯ ᠲᠠᠢ᠃ ᠬᠡᠷᠪᠡ ᠰᠦᠨ ᠦᠨᠳᠦᠰᠦ᠂ ᠪᠠᠯ᠂ ᠨᠢᠰᠢᠡᠭᠭᠦ ᠵᠡᠷᠭᠡ ᠲᠠᠢ ᠬᠤᠯᠢᠵᠦ ᠰᠢᠭᠦᠰᠦᠵᠢᠭᠦᠯᠦᠭᠡᠳ ᠤᠤᠭᠤᠪᠠᠯ ᠨᠡᠡᠭ ᠰᠠᠶᠢᠨ ᠦᠷ᠎ᠡ ᠳ᠋ᠦᠡᠭ ᠲᠠᠢ᠃

5. ᠱᠠᠪᠲᠠᠯ᠎ᠠ᠄ ᠠᠭᠤᠰᠬᠢ ᠶᠢ ᠵᠦᠭᠡᠯᠡᠷᠡᠭᠦᠯᠵᠦ᠂ ᠬᠠᠨᠢᠶᠠᠳᠦ ᠶᠢ ᠵᠤᠬᠰᠤᠭᠠᠨ᠂ ᠬᠠᠯᠠᠭᠤᠨ ᠢ ᠲᠠᠭᠤᠵᠦ᠂ ᠰᠢᠮᠡᠰᠦ ᠲᠦᠷᠦᠭᠦᠯᠦᠨ᠂ ᠴᠠᠷ ᠬᠤᠪᠬᠤᠷᠠᠭᠤᠯᠬᠤ ᠦᠢᠯᠡᠳᠦᠯ ᠲᠠᠢ᠃ ᠰᠢᠨ᠎ᠡ ᠰᠤᠷᠭᠤᠬ ᠱᠠᠪᠲᠠᠯ᠎ᠠ ᠶᠢ ᠲᠦᠭᠦᠬᠡᠢ ᠪᠡᠷ ᠢᠳᠡᠪᠡᠯ᠂ ᠠᠭᠤᠰᠬᠢᠨ ᠰᠦᠷᠢᠶ᠎ᠡ ᠪᠡᠷ ᠬᠠᠨᠢᠶᠠᠯᠭᠠᠬᠤ᠂ ᠬᠤᠭᠤᠰᠤᠨ ᠬᠠᠯᠠᠭᠤᠨ ᠢᠶᠡᠷ ᠠᠭᠤᠰᠬᠢ ᠴᠤᠭᠤᠷᠤᠬᠤ᠂ ᠬᠠᠨᠢᠶᠠᠯᠭᠠᠵᠦ ᠴᠠᠷ ᠠᠷᠪᠢᠳᠬᠤ ᠵᠡᠷᠭᠡ ᠶᠢ ᠵᠠᠰᠠᠨ᠎ᠠ᠃ ᠪᠤᠯᠪᠠᠰᠤᠷᠠᠬᠰᠠᠨ ᠵᠦᠭᠡᠯᠡᠨ ᠤᠯᠠᠭᠠᠨ ᠱᠠᠪᠲᠠᠯ᠎ᠠ ᠬᠠᠯᠠᠭᠤᠨ ᠡᠪᠡᠳᠴᠢᠨ ᠡᠴᠡ ᠪᠤᠯᠵᠦ ᠤᠮᠳᠠᠭᠠᠰᠬᠤ᠂ ᠠᠮᠠ ᠬᠠᠳᠠᠵᠦ᠂ ᠤᠷᠤᠭᠤᠯ ᠢᠯᠪᠤᠷᠠᠬᠤ᠂ ᠳᠤᠲᠤᠷ ᠪᠤᠬᠢᠨᠢᠳᠤᠨ ᠬᠠᠯᠠᠭᠤᠷᠠᠬᠤ ᠵᠡᠷᠭᠡ ᠭᠡᠮ ᠢ ᠡᠮᠴᠢᠯᠡᠬᠦ ᠦᠢᠯᠡᠳᠦᠯ ᠲᠠᠢ᠃

6. ᠦᠵᠦᠮ᠄ ᠡᠯᠢᠭᠡ ᠪᠦᠭᠡᠷᠡᠨ ᠳ᠋ᠦ ᠲᠡᠵᠢᠭᠡᠯ ᠨᠦᠬᠦᠵᠦ᠂ ᠬᠡᠢ ᠴᠢᠰᠦᠨ ᠤ ᠡᠷᠭᠢᠯᠲᠡ ᠶᠢ ᠰᠠᠶᠢᠵᠢᠷᠠᠭᠤᠯᠤᠨ᠂ ᠰᠢᠮᠡᠰᠦ ᠲᠦᠷᠦᠭᠦᠯᠦᠨ᠂ ᠰᠢᠭᠡᠯᠭᠡᠬᠦ ᠵᠡᠷᠭᠡ ᠦᠢᠯᠡᠳᠦᠯ ᠲᠠᠢ᠃ ᠲᠦᠭᠦᠬᠡᠢ ᠪᠡᠷ ᠢᠳᠡᠪᠡᠯ᠂ ᠪᠢᠯᠢᠭ ᠢ ᠲᠡᠵᠢᠭᠡᠨ᠂ ᠪᠤᠬᠢᠨᠢᠳᠤᠯ ᠢ ᠲᠠᠶᠢᠯᠵᠦ᠂ ᠰᠢᠭᠦᠰᠦᠵᠢᠭᠦᠯᠦᠭᠡᠳ ᠪᠠᠯ ᠲᠠᠢ ᠴᠢᠨᠠᠵᠦ ᠬᠠᠨᠳᠠᠯᠠᠭᠠᠳ ᠬᠠᠯᠠᠭᠤᠨ ᠤᠰᠤ ᠪᠡᠷ ᠤᠤᠭᠤᠪᠠᠯ ᠪᠤᠬᠢᠨᠢᠳᠦᠨ ᠬᠠᠯᠠᠭᠤᠷᠠᠵᠦ᠂ ᠠᠮᠠ ᠬᠠᠳᠠᠵᠦ ᠴᠠᠡᠭᠭᠠᠬᠤ ᠵᠡᠷᠭᠡ ᠳ᠋ᠦ ᠤᠨᠴᠠ ᠲᠤᠰᠠ ᠲᠠᠢ᠃

7. ᠯᠤᠤᠪᠠᠡᠭ᠄ ᠬᠠᠯᠠᠭᠤᠨ ᠢ ᠲᠠᠭᠤᠵᠦ᠂ ᠴᠠᠷ ᠬᠤᠪᠬᠤᠷᠠᠭᠤᠯᠤᠨ᠂ ᠰᠢᠮᠡᠰᠦ ᠲᠦᠷᠦᠭᠦᠯᠵᠦ᠂ ᠬᠠᠨᠢᠶᠠᠳᠦ ᠶᠢ ᠵᠤᠬᠰᠤᠭᠠᠨ᠂ ᠬᠤᠳᠤᠭᠤᠳᠦ ᠶᠢ ᠰᠠᠶᠢᠵᠢᠷᠠᠭᠤᠯᠵᠦ᠂ ᠰᠢᠡᠭᠭᠡᠭᠡᠯᠲᠡ ᠳ᠋ᠦ ᠲᠤᠰᠠᠯᠠᠨ᠎ᠠ᠃ ᠲᠦᠭᠦᠬᠡᠢ ᠪᠡᠷ ᠢᠳᠡᠪᠡᠯ᠂ ᠬᠠᠯᠠᠭᠤᠨ ᠡᠪᠡᠳᠴᠢᠨ ᠡᠴᠡ ᠪᠤᠯᠵᠦ ᠴᠠᠡᠭᠭᠠᠬᠤ᠂ ᠠᠭᠤᠰᠬᠢᠨ ᠬᠠᠯᠠᠭᠤᠨ ᠢᠶᠡᠷ ᠬᠠᠨᠢᠶᠠᠯᠭᠠᠬᠤ᠂ ᠴᠠᠷ ᠦᠳᠭᠡᠷᠡᠬᠦ ᠵᠡᠷᠭᠡ ᠭᠡᠮ ᠢ ᠡᠮᠴᠢᠯᠡᠨ᠎ᠡ᠃ ᠬᠡᠷᠪᠡ ᠨᠢᠰᠢᠡᠭᠭᠦ᠂ ᠠᠯᠢᠮ᠎ᠠ᠂ ᠯᠢᠡᠭᠬᠤ᠎ᠠ ᠶᠢᠨ ᠦᠨᠳᠦᠰᠦ ᠵᠡᠷᠭᠡ ᠲᠠᠢ ᠴᠤᠬ ᠤᠮᠳᠠᠭᠠᠵᠢᠭᠤᠯᠤᠭᠠᠳ ᠤᠤᠭᠤᠪᠠᠯ ᠨᠡᠡᠭ ᠰᠠᠶᠢᠨ ᠦᠷ᠎ᠡ ᠳ᠋ᠦᠡᠭ ᠭᠠᠷᠤᠨ᠎ᠠ᠃

8. ᠰᠦᠨ ᠦᠨᠳᠦᠰᠦ᠄ ᠬᠠᠯᠠᠭᠤᠨ ᠢ ᠲᠠᠭᠤᠵᠦ᠂ ᠰᠢᠮᠡᠰᠦ ᠲᠦᠷᠦᠭᠦᠯᠦᠨ᠂ ᠴᠠᠷ ᠬᠤᠪᠬᠤᠷᠠᠭᠤᠯᠤᠨ᠂ ᠴᠢᠰᠦᠨ ᠬᠠᠯᠠᠭᠤᠨ ᠢ ᠠᠷᠢᠯᠭᠠᠵᠦ᠂ ᠬᠤᠤᠷ ᠲᠠᠶᠢᠯᠬᠤ ᠦᠢᠯᠡᠳᠦᠯ ᠲᠠᠢ᠃ ᠬᠠᠯᠠᠭᠤᠨ ᠤ ᠡᠪᠡᠳᠴᠢᠨ ᠢᠶᠡᠷ ᠰᠢᠮᠡᠰᠦ ᠭᠡᠮᠳᠦᠬᠦ᠂ ᠠᠮᠠ ᠬᠠᠭᠤᠷᠠᠶᠢᠰᠢᠨ᠂ ᠬᠤᠭᠤᠯᠠᠢ ᠬᠠᠳᠠᠬᠤ᠂ ᠠᠭᠤᠰᠬᠢᠨ ᠬᠠᠯᠠᠭᠤᠨ ᠢᠶᠡᠷ ᠬᠠᠨᠢᠶᠠᠯᠭᠠᠬᠤ᠂ ᠴᠠᠷ ᠦᠳᠭᠡᠷᠡᠵᠦ ᠰᠢᠷᠠᠯᠠᠬᠤ ᠵᠡᠷᠭᠡ ᠭᠡᠮ ᠢ ᠡᠮᠴᠢᠯᠡᠵᠦ ᠪᠤᠯᠤᠨ᠎ᠠ᠃ ᠯᠢᠡᠭᠬᠸ᠎ᠠ ᠶᠢᠨ ᠦᠨᠳᠦᠰᠦ ᠲᠠᠢ ᠤᠮᠳᠠᠭᠠᠵᠢᠭᠤᠯᠤᠭᠠᠳ ᠤᠤᠭᠤᠪᠠᠯ ᠨᠡᠡᠭ ᠢᠯᠡᠭᠦᠦ ᠲᠤᠰᠠ ᠭᠠᠷᠤᠨ᠎ᠠ᠃

9.ᠨᠢᠰᠢᠡᠭᠭᠦ᠄ ᠨᠢᠰᠢᠡᠭᠭᠦ ᠶᠢᠨ ᠰᠢᠭᠦᠰᠦ ᠲᠡᠭᠰᠢ ᠴᠢᠨᠠᠷ᠂ ᠰᠢᠬᠢᠷᠯᠢᠭ ᠠᠮᠳᠠ ᠲᠠᠢ᠃ ᠬᠠᠯᠠᠭᠤᠨ ᠢ ᠲᠠᠭᠤᠵᠦ᠂ ᠰᠢᠮᠡᠰᠦ ᠲᠦᠷᠦᠭᠦᠯᠦᠨ᠂ ᠬᠠᠭᠤᠷᠠᠢ ᠶᠢ ᠵᠦᠭᠡᠯᠡᠷᠡᠭᠦᠯᠵᠦ᠂ ᠲᠡᠵᠢᠭᠡᠯ ᠨᠦᠬᠦᠪᠦᠷᠢᠯᠡᠬᠦ ᠤᠬᠢ ᠢᠳᠡᠭᠡᠨ᠃ ᠴᠠᠷ ᠢ ᠬᠤᠪᠬᠤᠷᠠᠭᠤᠯᠤᠨ᠂ ᠬᠠᠨᠢᠶᠠᠳᠦ ᠶᠢ ᠨᠠᠮᠳᠠᠭᠤᠯᠬᠤ ᠦᠢᠯᠡᠳᠦᠯ ᠲᠠᠢ᠃ ᠬᠡᠯᠡ ᠠᠮᠠ ᠬᠠᠭᠤᠷᠠᠶᠢᠰᠢᠬᠤ᠂ ᠬᠤᠷᠭᠤᠰᠤᠯᠠᠬᠤ᠂ ᠬᠠᠯᠠᠭᠤᠷᠠᠵᠦ ᠪᠤᠬᠢᠨᠢᠳᠦᠨ᠂ ᠴᠠᠡᠭᠭᠠᠬᠤ ᠵᠡᠷᠭᠡ ᠭᠡᠮ ᠢ ᠡᠮᠴᠢᠯᠡᠨ᠎ᠡ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ