ᠦᠷᠭᠡᠰᠦᠲᠦ ᠬᠡᠮᠬᠡ ᠪᠤᠯ ︽ᠡᠭᠡᠯ ᠠᠷᠠᠳ ᠤᠨ ᠢᠳᠡᠰᠢᠨ ᠨᠤᠭᠤᠭ᠎ᠠ︾ᠭᠡᠮᠡᠭᠳᠡᠭᠰᠡᠨ ᠨᠡᠷᠡᠶᠢᠳᠦᠯ ᠲᠠᠢ᠃ ᠰᠢᠭᠦᠰᠦᠯᠢᠭ ᠮᠦᠷᠳᠡᠬᠡᠨ ᠢᠳᠡᠬᠦ ᠪᠤᠯ ᠬᠡᠤᠷᠡᠭ ᠰᠠᠶᠢᠬᠠᠨ ᠦᠷᠭᠡᠰᠦᠲᠦ ᠬᠡᠮᠬᠡ ᠬᠢᠮᠳᠠᠬᠠᠨ ᠪᠡᠷ ᠪᠠᠷᠠᠬᠤ ᠦᠭᠡᠢ ᠵᠢᠰᠦ ᠭᠤᠶᠤᠯᠠᠵᠦ᠂ ᠮᠠᠷᠢᠶ᠎ᠠ ᠰᠢᠭᠤᠷᠠᠭᠤᠯᠤᠨ᠂ ᠰᠢᠭᠡᠭᠡᠯᠭᠡᠵᠦ᠂ ᠡᠪᠡᠳᠴᠢᠨ ᠭᠡᠮ ᠢ ᠰᠡᠷᠬᠡᠶᠢᠯᠡᠬᠦ ᠦᠢᠯᠡᠳᠦᠯ ᠢᠶᠡᠷ ᠢᠶᠡᠨ ᠬᠦᠮᠦᠰ ᠲᠦ ᠲᠠᠭᠠᠯᠠᠬᠳᠠᠳᠠᠬ᠃ ᠲᠡᠶᠢᠨᠬᠦ᠂ ᠤᠯᠠᠡᠭᠬᠢ ᠬᠦᠮᠦᠨ ᠪᠦᠷ ᠦᠷᠭᠡᠰᠦᠲᠦ ᠬᠡᠮᠬᠡ ᠳ᠋ᠦ ᠳᠤᠷᠠᠲᠠᠢ᠃ ᠲᠡᠭᠡᠪᠡᠴᠦ ᠲᠡᠭᠦᠨ ᠢ ᠢᠳᠡᠬᠦ ᠳ᠋ᠦ ᠴᠡᠭᠡᠷ ᠪᠠᠶᠢᠳᠠᠬ᠃
ᠦᠷᠭᠡᠰᠦᠲᠦ ᠬᠡᠮᠬᠡ ᠳᠤᠯᠤᠭᠠᠨ ᠵᠦᠢᠯ ᠤᠨ ᠭᠠᠶᠢᠬᠠᠯᠲᠠᠢ ᠦᠢᠯᠡᠳᠦᠯ ᠲᠠᠢ᠄
︀1. ᠤᠰᠤ ᠨᠦᠬᠦᠪᠦᠷᠢᠯᠡᠨ᠎ᠡ᠄ ᠦᠷᠭᠡᠰᠦᠲᠦ ᠬᠡᠮᠬᠡ ᠳ᠋ᠦ 96.7% ᠶᠢᠨ ᠤᠰᠤ ᠠᠭᠤᠯᠤᠬᠳᠠᠵᠦ᠂ ᠢᠳᠡᠭᠡᠨ ᠤ ᠳᠤᠲᠤᠷ᠎ᠠ ᠤᠰᠤ ᠬᠠᠮᠤᠬ ᠤᠨ ᠶᠡᠬᠡ ᠪᠡᠷ ᠢᠶᠡᠨ ᠪᠡᠶ᠎ᠡ ᠶᠢᠨ ᠰᠢᠡᠭᠬᠡᠨ ᠢ ᠮᠠᠰᠢ ᠰᠠᠶᠢᠨ ᠨᠦᠬᠦᠪᠦᠷᠢᠯᠡᠳᠡᠭ᠃
2. ᠸᠢᠲ᠋ᠠᠮᠢᠨ ᠨᠦᠬᠦᠪᠦᠷᠢᠯᠡᠨ᠎ᠡ᠄ ᠦᠷᠭᠡᠰᠦᠲᠦ ᠬᠡᠮᠬᠡ ᠳ᠋ᠦ B ᠪᠦᠯᠦᠭ ᠤᠨ ᠸᠢᠲ᠋ᠠᠮᠢᠨ᠂ ᠸᠢᠲ᠋ᠠᠮᠢᠨ C ᠵᠡᠷᠭᠡ ᠶᠢᠨ ᠤᠯᠠᠨ ᠲᠦᠷᠦᠯ ᠤᠨ ᠸᠢᠲ᠋ᠠᠮᠢᠨ ᠡᠯᠪᠡᠭ ᠠᠭᠤᠯᠤᠬᠳᠠᠳᠠᠬ᠃ ᠡᠨᠳᠡ ᠤᠯᠠᠨ ᠳ᠋ᠦ ᠰᠠᠨᠠᠭᠤᠯᠬᠤ ᠨᠢ ᠦᠷᠭᠡᠰᠦᠲᠦ ᠬᠡᠮᠬᠡ ᠶᠢ ᠬᠠᠯᠢᠰᠦ ᠲᠠᠢ ᠨᠢ ᠢᠳᠡᠪᠡᠯ ᠸᠢᠲ᠋ᠠᠮᠢᠨ ᠨᠦᠬᠦᠪᠦᠷᠢᠯᠡᠬᠦ ᠦᠷ᠎ᠡ ᠳ᠋ᠦᠡᠭ ᠨᠢ ᠨᠡᠡᠭ ᠰᠠᠶᠢᠨ ᠪᠠᠶᠢᠳᠠᠬ᠃
3. ᠬᠤᠤᠷ ᠭᠠᠳᠠᠬᠰᠢᠯᠠᠭᠤᠯᠤᠨᠠ ᠄ ᠰᠢᠮ᠎ᠡ ᠲᠡᠭᠦᠯᠳᠡᠷ ᠦᠷᠭᠡᠰᠦᠲᠦ ᠬᠡᠮᠬᠡ ᠪᠡᠶ᠎ᠡ ᠶᠢᠨ ᠳᠤᠲᠤᠭᠠᠳᠦ ᠳ᠋ᠡᠬᠢ ᠬᠠᠶᠠᠬᠳᠠᠯ ᠢ ᠴᠡᠪᠡᠷᠯᠡᠬᠦ ᠠᠴᠢ ᠲᠤᠰᠠ ᠲᠠᠢ᠃ ᠲᠡᠭᠦᠨ ᠢ ᠦᠷᠬᠦᠯᠵᠢ ᠢᠳᠡᠪᠡᠯ ᠪᠠᠰᠠ ᠪᠦᠭᠡᠷᠡᠨ ᠤ ᠴᠢᠯᠠᠭᠤᠰᠢᠷᠠᠯ ᠢ ᠤᠷᠢᠳᠴᠢᠯᠠᠨ ᠰᠡᠷᠬᠡᠶᠢᠯᠡᠨ᠎ᠡ᠃
4. ᠠᠷᠠᠰᠦ ᠬᠦᠷᠦᠰᠦ ᠶᠢ ᠬᠠᠮᠠᠭᠠᠯᠠᠨ᠎ᠠ᠄ ᠦᠷᠭᠡᠰᠦᠲᠦ ᠬᠡᠮᠬᠡ ᠳ᠋ᠦ ᠺᠠᠯᠢ᠂ ᠮᠠᠬᠨᠢ᠂ ᠴᠠᠬᠢᠭᠤᠷ ᠵᠡᠷᠭᠡ ᠶᠢᠨ ᠡᠷᠦᠳᠡᠰᠦ ᠪᠤᠳᠠᠰ ᠡᠯᠪᠡᠭ ᠠᠭᠤᠯᠤᠬᠳᠠᠳᠠᠬ ᠢᠶᠡᠷ ᠢᠶᠡᠨ ᠠᠷᠠᠰᠦ ᠮᠢᠬᠠᠨ ᠤ ᠡᠷᠡᠭᠦᠯ ᠮᠡᠨᠳᠦ ᠳ᠋ᠦ ᠠᠰᠢᠬ ᠲᠠᠢ ᠪᠠᠶᠢᠳᠠᠬ᠃
5.ᠦᠮᠡᠨ ᠢ ᠰᠡᠷᠬᠡᠶᠢᠯᠡᠨ᠎ᠡ᠄ ᠦᠷᠭᠡᠰᠦᠲᠦ ᠬᠡᠮᠬᠡ ᠳ᠋ᠦ ᠬᠠᠷᠭᠠᠢ᠂ ᠨᠠᠷᠠᠰᠦ ᠵᠡᠷᠭᠡ ᠶᠢᠨ ᠭᠤᠷᠪᠠᠨ ᠵᠦᠢᠯ ᠤᠨ ᠮᠤᠳᠤᠨ ᠤ ᠲᠠᠪᠠᠷᠬᠠᠢ ᠶᠢᠨ ᠹᠧᠨᠤᠯ ᠠᠭᠤᠯᠤᠬᠳᠠᠵᠦ᠂ ᠦᠨᠳᠡᠭᠡᠪᠴᠢ ᠶᠢᠨ ᠦᠮᠡᠨ᠂ ᠬᠦᠬᠦᠨ ᠪᠤᠯᠴᠢᠷᠬᠠᠢ ᠶᠢᠨ ᠦᠮᠡᠨ᠂ ᠤᠷᠢᠳᠦ ᠪᠤᠯᠴᠢᠷᠬᠠᠢ ᠶᠢᠨ ᠦᠮᠡᠨ ᠪᠤᠯᠤᠨ ᠰᠠᠪᠠᠨ ᠤ ᠦᠮᠡᠨ ᠵᠡᠷᠭᠡ ᠶᠢᠨ ᠤᠯᠠᠨ ᠵᠦᠢᠯ ᠤᠨ ᠦᠮᠡᠨ ᠡᠪᠡᠳᠴᠢᠨ ᠤᠯᠬᠤ ᠠᠶᠤᠯ ᠢ ᠪᠠᠭᠠᠰᠬᠠᠳᠠᠬ᠃
6.ᠬᠤᠷᠭᠤᠰᠤᠯᠠᠬᠤ ᠶᠢ ᠰᠡᠷᠬᠡᠶᠢᠯᠡᠨ᠎ᠡ᠄ ᠦᠷᠭᠡᠰᠦᠲᠦ ᠬᠡᠮᠬᠡ ᠳ᠋ᠦ ᠤᠰᠤ ᠡᠯᠪᠡᠭ᠂ ᠢᠯᠴᠢ ᠪᠠᠭ᠎ᠠ ᠪᠤᠯᠬᠤᠷ ᠮᠠᠷᠢᠶ᠎ᠠ ᠰᠢᠭᠤᠷᠠᠭᠤᠯᠬᠤ ᠳ᠋ᠦ ᠠᠰᠢᠬ ᠲᠠᠢ᠃ ᠲᠡᠭᠦᠨ ᠳ᠋ᠡᠬᠢ ᠢᠳᠡᠭᠡᠨ ᠤ ᠰᠢᠷᠬᠡᠭᠯᠢᠭ ᠬᠤᠷᠭᠤᠰᠤᠯᠠᠬᠤ ᠶᠢ ᠰᠡᠷᠬᠡᠶᠢᠯᠡᠳᠡᠭ᠃
7.ᠰᠢᠬᠢᠷ ᠰᠢᠵᠢᠡᠭ ᠡᠪᠡᠳᠴᠢᠨ ᠢ ᠰᠡᠷᠬᠡᠶᠢᠯᠡᠵᠦ᠂ ᠴᠢᠰᠦᠨ ᠤ ᠦᠭᠡᠬᠦ ᠶᠢ ᠪᠠᠭᠤᠷᠠᠭᠤᠯᠤᠨ᠂ ᠴᠢᠰᠦᠨ ᠳᠠᠷᠤᠯᠳᠠ ᠶᠢ ᠲᠤᠬᠳᠠᠪᠤᠷᠢᠵᠢᠭᠤᠯᠤᠨ᠎ᠠ᠄ ᠦᠷᠭᠡᠰᠦᠲᠦ ᠬᠡᠮᠬᠡ ᠳ᠋ᠡᠬᠢ ᠨᠢᠭᠡ ᠵᠦᠢᠯ ᠤᠨ ᠬᠤᠷᠮᠤᠨ ᠨᠤᠶᠢᠷ ᠤᠨ ᠪᠤᠯᠴᠢᠷᠬᠠᠢ ᠶᠢᠨ ᠨᠤᠶᠢᠷ ᠤᠨ ᠠᠷᠠᠯ ᠤᠨ ᠡᠳ᠋ ᠢ ᠱᠦᠭᠦᠷᠡᠭᠦᠯᠬᠦ ᠳ᠋ᠦ ᠲᠤᠰᠠᠯᠠᠳᠠᠬ ᠡᠴᠡ ᠰᠢᠬᠢᠷ ᠰᠢᠵᠢᠡᠭ ᠡᠪᠡᠳᠴᠢᠨ ᠤ ᠡᠳᠡᠭᠡᠷᠡᠯᠲᠡ ᠳ᠋ᠦ ᠠᠰᠢᠬ ᠲᠠᠢ᠃ ᠦᠷᠭᠡᠰᠦᠲᠦ ᠬᠡᠮᠬᠡ ᠳ᠋ᠡᠬᠢ ᠠᠯᠺᠤᠤᠯ ᠤᠨ ᠲᠦᠷᠦᠯ ᠤᠨ ᠪᠦᠷᠢᠯᠳᠦᠭᠦᠨ ᠰᠦᠰᠦᠨ ᠴᠢᠯᠠᠭᠤᠯᠢᠬ ᠠᠯᠺᠤᠤᠯ ᠢ ᠪᠠᠭᠤᠷᠠᠭᠤᠯᠳᠠᠬ᠃ ᠦᠷᠭᠡᠰᠦᠲᠦ ᠬᠡᠮᠬᠡ ᠳ᠋ᠦ ᠡᠯᠪᠡᠭ ᠠᠭᠤᠯᠤᠬᠳᠠᠳᠠᠬ ᠢᠳᠡᠰᠢ ᠶᠢᠨ ᠰᠢᠷᠬᠡᠭᠯᠢᠭ᠂ ᠺᠠᠯᠢ᠂ ᠮᠠᠬᠨᠢ ᠴᠢᠰᠦᠨ ᠳᠠᠷᠤᠯᠳᠠ ᠶᠢᠨ ᠲᠦᠪᠰᠢᠨ ᠢ ᠳᠤᠬᠢᠷᠠᠭᠤᠯᠵᠦ᠂ ᠴᠢᠰᠦᠨ ᠳᠠᠷᠤᠯᠳᠠ ᠦᠨᠳᠦᠷᠵᠢᠬᠦ ᠶᠢ ᠰᠡᠷᠬᠡᠶᠢᠯᠡᠬᠦ ᠦᠢᠯᠡᠳᠦᠯ ᠲᠠᠢ ᠪᠠᠶᠢᠳᠠᠬ᠃
ᠦᠷᠭᠡᠰᠦᠲᠦ ᠬᠡᠮᠬᠡ ᠢᠳᠡᠬᠦ ᠶᠢᠨ ᠴᠡᠭᠡᠷ᠄ 1. ᠰᠠᠶᠢᠬᠠᠨ ᠤᠭᠢᠶᠠᠬᠰᠠᠨ ᠦᠭᠡᠢ ᠦᠷᠭᠡᠰᠦᠲᠦ ᠬᠡᠮᠬᠡ ᠶᠢ ᠲᠦᠭᠦᠬᠡᠢ ᠪᠡᠷ ᠢᠳᠡᠬᠦ ᠨᠢ ᠠᠰᠢᠬ ᠦᠭᠡᠢ᠃ 2. ᠲᠠᠪᠤᠰᠤ ᠲᠠᠢ ᠪᠤᠶᠤ ᠴᠢᠨᠠᠵᠦ ᠬᠠᠯᠠᠭᠠᠭᠠᠳ ᠢᠳᠡᠬᠦ ᠨᠢ ᠠᠰᠢᠬ ᠦᠭᠡᠢ᠃ 3.ᠰᠢᠭᠦᠰᠦ ᠶᠢ ᠨᠢ ᠬᠠᠶᠠᠭᠠᠳ᠂ ᠰᠢᠮᠡᠰᠦ ᠬᠢᠵᠦ ᠢᠳᠡᠬᠦ ᠨᠢ ᠠᠰᠢᠬ ᠦᠭᠡᠢ᠃ 4. ᠬᠡᠳᠦ ᠬᠤᠪᠳᠤᠬᠯᠠᠵᠦ ᠢᠳᠡᠬᠦ ᠨᠢ ᠠᠰᠢᠬ ᠦᠭᠡᠢ᠃ 5.ᠯᠠᠵᠤᠤ ᠪᠤᠯᠤᠨ ᠦᠷᠭᠡᠰᠦᠲᠦ ᠨᠤᠭᠤᠭ᠎ᠠ ᠲᠠᠢ ᠴᠤᠬ ᠢᠳᠡᠬᠦ ᠨᠢ ᠠᠰᠢᠬ ᠦᠭᠡᠢ᠃ 6. ᠴᠡᠴᠡᠭᠲᠦ ᠪᠦᠭᠡᠷᠡᠡᠭᠬᠡᠢ ᠴᠠᠭᠠᠨ ᠨᠤᠭᠤᠭ᠎ᠠ᠂ ᠵᠢᠵᠢᠭ ᠴᠠᠭᠠᠨ ᠨᠤᠭᠤᠭ᠎ᠠ᠂ ᠲᠦᠪᠡᠳ ᠬᠠᠰᠢ᠂ ᠵᠦᠷᠵᠢ ᠲᠠᠢ ᠴᠤᠬ ᠢᠳᠡᠬᠦ ᠨᠢ ᠠᠰᠢᠬ ᠦᠭᠡᠢ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ